1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠡᠮ ᠡᠮᠨᠡᠯᠭᠡ – (ᠨᠢᠭᠡ) Монгол эм эмнэлэг (1)

ᠮᠣᠩᠭᠣᠯ ᠡᠮ ᠡᠮᠨᠡᠯᠭᠡ – (ᠨᠢᠭᠡ) Монгол эм эмнэлэг (1)

ᠠᠩᠭᠢᠯᠠᠯ:ᠡᠷᠡᠭᠦᠯ ᠡᠩᠬᠡ
2025-02-15

1089

ᠮᠣᠩᠭᠣᠯ ᠠᠨᠠᠭᠠᠬᠤ ᠤᠬᠠᠭᠠᠨ ᠤ᠋ ᠡᠷᠲᠡᠨ ᠦ᠌ ᠰᠣᠩᠭᠣᠳᠠᠭ ᠵᠣᠬᠢᠶᠠᠯ ᠳ᠋ᠠᠬᠢ ᠵᠢᠷᠤᠬᠠᠢ ᠶ᠋ᠢᠨ ᠤᠬᠠᠭᠠᠨ ᠤ᠋ ᠲᠡᠮᠳᠡᠭᠯᠡᠯ ᠪᠣᠯᠤᠨ ᠡᠮᠴᠢᠯᠡᠭᠡᠨ ᠳ᠋ᠡᠬᠢ ᠬᠡᠷᠡᠭᠯᠡᠯᠲᠡ

  
                           ᠪᠣᠷᠵᠢᠭᠢᠨ ᠡᠷᠳᠡᠨᠢᠴᠤᠭᠲᠣ ᠸᠠᠩ ᠵᠢᠶᠦ᠋ᠨ ᠹᠧᠩ  

       [ ᠲᠣᠪᠴᠢ ᠠᠭᠤᠯᠭ᠎ᠠ ]ᠠᠷᠭ᠎ᠠ ᠪᠢᠯᠢᠭ ᠦ᠋ᠨ ᠰᠤᠷᠭᠠᠯ ᠂ ᠲᠠᠪᠤᠨ ᠮᠠᠬᠠᠪᠣᠳ ᠤ᠋ᠨ ᠣᠨᠣᠯ ᠵᠡᠷᠭᠡ ᠵᠢᠷᠤᠬᠠᠢ ᠶ᠋ᠢᠨ ᠤᠬᠠᠭᠠᠨ ᠪᠣᠯ ᠮᠣᠩᠭᠣᠯ ᠠᠨᠠᠭᠠᠬᠤ ᠤᠬᠠᠭᠠᠨ ᠤ᠋ ᠣᠨᠣᠯ ᠤ᠋ᠨ ᠭᠦᠨ ᠤᠬᠠᠭᠠᠨ ᠤ᠋ ᠵᠢᠯᠣᠭᠣᠳᠤᠯᠭ᠎ᠠ ᠪᠥᠭᠡᠳ ᠣᠨᠣᠯ ᠤ᠋ᠨ ᠦᠨᠳᠦᠰᠦ ᠶ᠋ᠢᠨ ᠴᠢᠬᠤᠯᠠ ᠨᠢᠭᠡ ᠪᠦᠷᠢᠯᠳᠦᠬᠦᠨ ᠬᠡᠰᠡᠭ ᠶᠦ᠍ᠮ ᠃ ᠢᠯᠠᠩᠭᠤᠶ᠎ᠠ ᠡᠷᠡᠭᠦᠯ ᠬᠥᠮᠦᠰ ᠦ᠋ᠨ ᠠᠯᠢ ᠵᠢᠯ ᠳ᠋ᠦ᠍ ᠶᠠᠮᠠᠷ ᠡᠪᠡᠳᠴᠢᠨ ᠨᠡᠷᠪᠡᠭᠳᠡᠬᠦ ᠂ ᠡᠪᠡᠳᠴᠢᠲᠡᠨ ᠦ᠌ ᠡᠳᠡᠭᠡᠷᠡᠬᠦ ᠪᠠ ᠬᠦᠨᠳᠦᠷᠡᠬᠦ ᠶ᠋ᠢ ᠤᠷᠢᠳᠴᠢᠯᠠᠨ ᠰᠤᠪᠢᠵᠤ ᠮᠡᠳᠡᠬᠦ ᠂ ᠢᠯᠡᠷᠡᠭᠡᠳᠦᠢ ᠡᠪᠡᠳᠴᠢᠨ ᠢ᠋ ᠣᠨᠣᠰᠢᠯᠠᠵᠤ ᠡᠮᠴᠢᠯᠡᠬᠦ ᠂ ᠠᠯᠢ ᠡᠮ ᠨᠢ ᠲᠤᠰᠠᠯᠠᠬᠤ ᠡᠰᠡᠬᠦ ᠶ᠋ᠢ ᠰᠤᠪᠢᠵᠤ ᠪᠡᠯᠭᠡᠳᠡᠬᠦ ᠂ ᠵᠣᠷ ᠨᠠᠢᠷᠠᠭᠤᠯᠬᠤ ᠳ᠋ᠤ᠌ ᠬᠥᠯ ᠡᠮ ᠢ᠋ ᠬᠡᠳᠦᠢ ᠬᠡᠮᠵᠢᠶ᠎ᠡ ᠪᠡᠷ ᠬᠢᠪᠡᠯ ᠵᠣᠬᠢᠬᠤ ᠵᠡᠷᠭᠡ ᠶ᠋ᠢ ᠪᠦᠷ ᠵᠢᠷᠤᠬᠠᠢ ᠶ᠋ᠢᠨ ᠤᠬᠠᠭᠠᠨ ᠢ᠋ᠶ᠋ᠠᠷ ᠲᠣᠭᠠᠴᠠᠳᠠᠭ ᠃ ᠵᠢᠷᠤᠬᠠᠢ ᠶ᠋ᠢᠨ ᠤᠬᠠᠭᠠᠨ ᠨᠢ ᠡᠮᠴᠢᠯᠡᠭᠡᠨ ᠳ᠋ᠦ᠍ ᠥᠪᠡᠷᠮᠢᠴᠡ ᠠᠷᠭ᠎ᠠ ᠪᠠᠷᠢᠯ ᠪᠠ ᠦᠷ᠎ᠡ ᠠᠰᠢᠭ ᠲᠠᠢ ᠲᠤᠯᠠ ᠰᠤᠷᠴᠤ ᠡᠵᠡᠮᠰᠢᠨ ᠰᠤᠳᠤᠯᠵᠤ ᠲᠡᠭᠦᠯᠳᠡᠷᠵᠢᠭᠦᠯᠬᠦ ᠨᠢ ᠡᠪᠡᠳᠴᠢᠨ ᠢ᠋ ᠣᠨᠣᠰᠢᠯᠠᠵᠤ ᠡᠮᠴᠢᠯᠡᠬᠦ ᠪᠠ ᠤᠷᠢᠳᠴᠢᠯᠠᠨ ᠰᠡᠷᠭᠡᠢᠯᠡᠬᠦ ᠳ᠋ᠦ᠍ ᠴᠢᠬᠤᠯᠠ ᠠᠴᠢ ᠬᠣᠯᠪᠣᠭᠳᠠᠯ ᠲᠠᠢ ᠶᠤᠮ᠃ 
       [ ᠲᠦᠯᠬᠢᠭᠦᠷ ᠦᠭᠡ ] ᠵᠢᠷᠤᠬᠠᠢ; ᠮᠣᠩᠭᠣᠯ ᠠᠨᠠᠭᠠᠬᠤ ᠤᠬᠠᠭᠠᠨ ; ᠢᠯᠡᠷᠡᠭᠡᠳᠦᠢ ᠡᠪᠡᠳᠴᠢᠨ ; ᠬᠣᠷᠸ᠎ᠠ ; ᠲᠡᠭᠷᠢ ᠶ᠋ᠢᠨ ᠡᠰᠢ; ᠭᠠᠵᠠᠷ ᠤ᠋ᠨ ᠡᠷᠬᠡᠲᠡᠨ ᠵᠢᠷᠤᠬᠠᠢ ᠶ᠋ᠢᠨ ᠤᠬᠠᠭᠠᠨ ᠣᠯᠠᠨ ᠪᠠᠢᠪᠠᠴᠤ ᠮᠣᠩᠭᠣᠯ ᠠᠨᠠᠭᠠᠬᠤ ᠤᠬᠠᠭᠠᠨ ᠳ᠋ᠤ᠌ ᠭᠣᠣᠯᠳᠠᠭᠤ ᠴᠠᠭᠠᠨ ᠵᠢᠷᠤᠬᠠᠢ (ᠣᠳᠣᠨ ᠵᠢᠷᠤᠬᠠᠢ) ᠪᠠ ᠬᠠᠷ᠎ᠠ ᠵᠢᠷᠤᠬᠠᠢ ᠬᠣᠶᠠᠷ ᠵᠦᠢᠯ ᠦ᠋ᠨ ᠵᠢᠷᠤᠬᠠᠢ ᠶ᠋ᠢ ᠬᠡᠷᠡᠭᠯᠡᠳᠡᠭ ᠃ ᠡᠭᠦᠨ ᠳ᠋ᠦ᠍ ᠴᠠᠭᠠᠨ ᠵᠢᠷᠤᠬᠠᠢ (ᠣᠳᠣᠨ ᠵᠢᠷᠤᠬᠠᠢ) ᠶ᠋ᠢᠨ ᠰᠢᠷᠣᠢ᠂ ᠤᠰᠤ᠂ ᠭᠠᠯ᠂ ᠬᠡᠢ᠂ ᠣᠭᠲᠠᠷᠭᠤᠢ ᠲᠠᠪᠤᠨ ᠮᠠᠬᠠᠪᠣᠳ ᠪᠠ ᠬᠠᠷ᠎ᠠ ᠵᠢᠷᠤᠬᠠᠢ ᠶ᠋ᠢᠨ ᠮᠣᠳᠣ ᠂ ᠭᠠᠯ ᠂ ᠰᠢᠷᠣᠢ ᠂ ᠲᠡᠮᠦᠷ ᠂ ᠤᠰᠤ ᠲᠠᠪᠤᠨ ᠮᠠᠬᠠᠪᠣᠳ ᠭᠣᠣᠯ ᠬᠡᠷᠡᠭᠯᠡᠵᠦ ᠪᠠᠢᠳᠠᠭ ᠃ ᠬᠣᠶᠠᠷ ᠵᠦᠢᠯ ᠦ᠋ᠨ ᠵᠢᠷᠤᠬᠠᠢ ᠶ᠋ᠢᠨ ᠮᠣᠩᠭᠣᠯ ᠠᠨᠠᠭᠠᠬᠤ ᠤᠬᠠᠭᠠᠨ ᠳ᠋ᠠᠬᠢ ᠬᠡᠷᠡᠭᠯᠡᠯᠲᠡ ᠨᠢ ᠪᠠᠰᠠ ᠠᠳᠠᠯᠢ ᠦᠭᠡᠢ ᠂ ᠴᠠᠭᠠᠨ ᠵᠢᠷᠤᠬᠠᠢ ᠶ᠋ᠢ ᠬᠥᠪᠦᠷᠡᠯ ᠲᠣᠭᠲᠠᠬᠤ ᠂ ᠡᠮ ᠦ᠋ᠨ ᠠᠮᠲᠠ ᠮᠡᠲᠦ ᠳ᠋ᠦ᠍ ᠣᠯᠠᠨ ᠬᠡᠷᠡᠭᠯᠡᠵᠦ ᠂ ᠬᠠᠷ᠎ᠠ ᠵᠢᠷᠤᠬᠠᠢ ᠶ᠋ᠢ ᠰᠤᠳᠠᠯ ᠰᠢᠨᠵᠢᠯᠡᠭᠡ ᠪᠠ ᠡᠮᠴᠢᠯᠡᠭᠡᠨ ᠳ᠋ᠦ᠍ ᠣᠯᠠᠨ ᠬᠡᠷᠡᠭᠯᠡᠬᠦ ᠣᠨᠴᠠᠯᠢᠭ ᠲᠠᠢ᠃ ᠡᠮᠴᠢᠯᠡᠭᠡᠨ ᠦ᠌ ᠬᠡᠷᠡᠭᠴᠡᠭᠡ ᠡᠴᠡ ᠪᠣᠯᠵᠤ ᠲᠤᠰ ᠥᠭᠦᠯᠡᠯ ᠳ᠋ᠦ᠍ ᠬᠠᠷ᠎ᠠ ᠵᠢᠷᠤᠬᠠᠢ ᠶ᠋ᠢ ᠭᠣᠣᠯᠴᠢᠯᠠᠵᠤ ᠲᠠᠢᠯᠪᠤᠷᠢᠯᠠᠬᠤ ᠪᠥᠭᠡᠳ ᠰᠤᠷᠪᠤᠯᠵᠢ ᠪᠢᠴᠢᠭ ᠢ᠋ ᠮᠥᠷᠳᠡᠵᠦ ᠲᠡᠭᠦᠨ ᠦ᠌ ᠡᠬᠡ ᠬᠥᠪᠡᠭᠦᠨ ᠨᠥᠬᠥᠷ ᠳᠠᠢᠰᠤᠨ ᠤ᠋ ᠬᠠᠷᠢᠴᠠᠭ᠎ᠠ ᠬᠢᠭᠡᠳ ᠲᠡᠭᠷᠢ ᠶ᠋ᠢᠨ ᠡᠰᠢ ᠂ ᠭᠠᠵᠠᠷ ᠤ᠋ᠨ ᠡᠷᠬᠡᠲᠡᠨ ᠢ᠋ ᠲᠠᠪᠤᠨ ᠮᠠᠬᠠᠪᠣᠳ᠂ ᠲᠠᠪᠤᠨ ᠴᠤᠯᠤ᠂ ᠵᠢᠷᠭᠤᠭᠠᠨ ᠰᠠᠪᠠ ᠳ᠋ᠤ᠌ ᠲᠥᠷᠦᠯᠵᠢᠭᠦᠯᠵᠦ ᠲᠠᠢᠯᠪᠤᠷᠢᠯᠠᠨ᠎ᠠ᠃ 

1. ᠰᠣᠩᠭᠣᠳᠠᠭ ᠵᠣᠬᠢᠶᠠᠯ ᠳᠣᠲᠣᠷᠠᠬᠢ ᠵᠢᠷᠤᠬᠠᠢ ᠶ᠋ᠢᠨ ᠤᠬᠠᠭᠠᠨ ᠢ᠋ᠶ᠋ᠠᠷ ᠳᠥᠷᠪᠡᠨ ᠴᠠᠭ ᠢ᠋ ᠠᠩᠭᠢᠯᠠᠭᠰᠠᠨ ᠲᠡᠮᠳᠡᠭᠯᠡᠯ 《ᠵᠠᠷᠯᠢᠭ ᠤ᠋ᠨ ᠡᠷᠢᠭᠡᠰᠲᠣ ᠬᠠᠷᠠᠩᠭᠤᠢ ᠶ᠋ᠢ ᠠᠷᠢᠯᠭᠠᠭᠴᠢ ᠵᠤᠯᠠ》 ᠳ᠋ᠤ᠌᠄ 《ᠬᠠᠪᠤᠷ ᠤ᠋ᠨ ᠡᠬᠢᠨ ᠦ᠌ ᠰᠠᠷ᠎ᠠ ᠶ᠋ᠢ ᠡᠨᠳᠡᠭᠦᠷᠡᠯ ᠦᠭᠡᠢ ᠡᠰᠡ ᠲᠠᠨᠢᠪᠠᠰᠤ ᠴᠠᠭ ᠤ᠋ᠨ ᠰᠤᠳᠠᠯ ᠢ᠋ ᠮᠡᠳᠡᠬᠦ ᠦᠭᠡᠢ ᠂ ᠴᠠᠭ ᠤ᠋ᠨ ᠰᠤᠳᠠᠯ ᠢ᠋ ᠮᠡᠳᠡᠬᠦ ᠦᠭᠡᠢ ᠪᠣᠯᠪᠠᠰᠤ ᠡᠪᠡᠳᠴᠢᠨ ᠪᠠᠢᠬᠤ ᠡᠰᠡᠬᠦ ᠶ᠋ᠢ ᠮᠡᠳᠡᠬᠦ ᠦᠭᠡᠢ ᠃ ᠪᠣᠳᠠᠲᠠᠢ ᠠᠨᠤ ᠲᠡᠢᠮᠦ ᠶ᠋ᠢᠨ ᠲᠤᠯᠠ ᠵᠢᠯ ᠡᠬᠢᠯᠡᠬᠦ ᠶᠣᠰᠣᠨ  ᠳ᠋ᠤᠷ ᠣᠯᠠᠨ ᠵᠦᠢᠯ ᠪᠠᠢᠳᠠᠭ ᠪᠣᠯᠪᠠᠰᠤ ᠮᠥᠨ ᠡᠨᠡ ᠶᠡᠬᠡ ᠦᠨᠳᠦᠰᠦᠨ ᠳ᠋ᠡᠬᠢ ᠶᠣᠰᠣ ᠢᠮᠠᠭᠲᠠ ᠠᠨᠤ ᠳ᠋ᠠᠪᠢᠨᠵᠠᠯᠪᠤᠤ ᠶ᠋ᠢᠨ ᠶᠣᠰᠣ ᠮᠥᠨ ᠪᠣᠯᠠᠢ ᠃ ᠡᠨᠡ ᠬᠦ᠌ ᠬᠠᠷ᠎ᠠ ᠵᠢᠷᠤᠬᠠᠢ ᠠᠨᠤ ᠤᠷᠢᠳ ᠬᠢᠲᠠᠳ ᠲᠤᠷ ᠵᠢᠷᠤᠬᠠᠢ ᠡᠬᠢᠯᠡᠵᠦ ᠵᠢᠷᠤᠭᠰᠠᠨ ᠠ᠋ᠴᠠ ᠡᠳᠦᠭᠡ ᠪᠣᠯᠲᠠᠯ᠎ᠠ ᠬᠡᠷᠡᠭᠯᠡᠵᠦ ᠪᠠᠢᠭ᠎ᠠ ᠪᠥᠭᠡᠳ ᠬᠢᠲᠠᠳ ᠮᠣᠩᠭᠣᠯ ᠤ᠋ᠨ ᠬᠠᠭᠠᠨ ᠲᠥᠷᠥ ᠣᠯᠠᠨ ᠤᠳᠠᠭ᠎ᠠ ᠰᠣᠯᠢᠭᠳᠠᠭᠰᠠᠨ ᠪᠣᠯᠪᠠᠴᠤ ᠳᠥᠷᠪᠡᠨ ᠴᠠᠭ᠂ ᠰᠠᠷ᠎ᠠ ᠶ᠋ᠢ ᠲᠠᠨᠢᠨ ᠪᠠᠷᠢᠬᠤ ᠳ᠋ᠤᠷ ᠵᠣᠬᠢᠯᠳᠤᠬᠤ ᠦᠭᠡᠢ ᠤᠳᠠᠭ᠎ᠠ ᠭᠡᠵᠦ ᠶᠡᠷᠦ ᠭᠠᠷᠤᠭᠰᠠᠨ ᠦᠭᠡᠢ ᠠᠵᠢ ᠁ 》[1]ᠭᠡᠵᠦ ᠲᠡᠮᠳᠡᠭᠯᠡᠪᠡ ᠃ 
1.1 ᠴᠤᠯᠤ ᠰᠠᠪᠠ ᠯᠤᠭ᠎ᠠ ᠤᠶᠠᠯᠳᠤᠭᠤᠯᠬᠤ 《ᠥᠭᠡᠷ᠎ᠡ ᠨᠣᠮ ᠳ᠋ᠤᠷ ᠵᠢᠷᠦᠬᠡ ᠬᠢᠭᠡᠳ ᠭᠡᠳᠡᠰᠦ ᠪᠣᠯᠪᠠᠰᠤ ᠭᠠᠯ ᠮᠠᠬᠠᠪᠣᠳ᠂ ᠳᠡᠯᠢᠭᠦᠦ ᠬᠢᠭᠡᠳ ᠬᠣᠳᠣᠭᠣᠳᠣ ᠪᠣᠯᠪᠠᠰᠤ ᠰᠢᠷᠣᠢ᠂ ᠵᠡᠭᠦᠨ ᠪᠥᠭᠡᠷ᠎ᠡ ᠬᠢᠭᠡᠳ ᠰᠠᠮᠰᠸ ᠪᠣᠯᠪᠠᠰᠤ ᠤᠰᠤ᠂ ᠠᠭᠤᠰᠬᠢ ᠬᠢᠭᠡᠳ ᠣᠯᠣᠭᠠᠢ ᠪᠣᠯᠪᠠᠰᠤ ᠲᠡᠮᠦᠷ᠂ ᠡᠯᠢᠭᠡ ᠬᠢᠭᠡᠳ ᠰᠥᠰᠥ ᠪᠣᠯᠪᠠᠰᠤ ᠮᠣᠳᠣᠨ ᠮᠠᠬᠠᠪᠣᠳ᠂ ᠪᠠᠷᠠᠭᠤᠨ ᠪᠥᠭᠡᠷ᠎ᠡ ᠪᠠ ᠳᠠᠪᠤᠰᠠᠩ ᠪᠣᠯᠪᠠᠰᠤ ᠤᠰᠤᠨ ᠮᠠᠬᠠᠪᠣᠳ ᠬᠡᠮᠡᠵᠦᠬᠦᠢ 》 [2]᠃ 
1.2 ᠮᠠᠬᠠᠪᠣᠳ ᠯᠤᠭ᠎ᠠ ᠰᠤᠳᠠᠯ ᠢ᠋ ᠤᠶᠠᠯᠳᠤᠭᠤᠯᠬᠤ 《ᠰᠢᠷᠣᠢ ᠮᠠᠬᠠᠪᠣᠳ ᠢ᠋ ᠳᠡᠯᠢᠭᠦᠨ ᠰᠤᠳᠠᠯ᠂ ᠤᠰᠤᠨ ᠮᠠᠬᠠᠪᠣᠳ ᠢ᠋ ᠪᠥᠭᠡᠷᠡᠨ ᠰᠤᠳᠠᠯ᠂ ᠮᠣᠳᠣᠨ ᠮᠠᠬᠠᠪᠣᠳ ᠢ᠋ ᠡᠯᠢᠭᠡᠨ ᠰᠤᠳᠠᠯ᠂ ᠲᠡᠮᠦᠷ ᠮᠠᠬᠠᠪᠣᠳ ᠢ᠋ ᠠᠭᠤᠰᠬᠢᠨ ᠰᠤᠳᠠᠯ᠂ ᠭᠠᠯ ᠮᠠᠬᠠᠪᠣᠳ ᠢ᠋ ᠵᠢᠷᠦᠬᠡᠨ ᠰᠤᠳᠠᠯ ᠭᠡᠮᠡᠨ ᠨᠣᠮᠯᠠᠵᠤ᠂ ᠲᠡᠷᠡ ᠮᠡᠲᠦ ᠴᠠᠭ᠂ ᠴᠤᠯᠤ᠂ ᠰᠤᠳᠠᠯ᠂ ᠮᠠᠬᠠᠪᠣᠳ ᠢ᠋ ᠲᠤᠰ ᠲᠤᠰ ᠲᠤ᠌ ᠨᠢ ᠤᠶᠠᠯᠳᠤᠭᠤᠯᠵᠤᠬᠤᠢ ᠁ 》 [3] ᠃ 《ᠬᠠᠪᠤᠷ ᠤ᠋ᠨ ᠭᠤᠷᠪᠠᠨ ᠰᠠᠷ᠎ᠠ ᠬᠡᠮᠡᠬᠦ ᠢᠨᠤ ᠬᠠᠪᠤᠷ ᠤ᠋ᠨ ᠡᠬᠢᠨ ᠰᠠᠷ᠎ᠠ᠂ ᠬᠠᠪᠤᠷ ᠤ᠋ᠨ ᠳᠤᠮᠳᠠ ᠰᠠᠷ᠎ᠠ ᠪᠣᠯᠠᠢ᠃ ᠡᠨᠡ ᠬᠣᠶᠠᠷ ᠰᠠᠷ᠎ᠠ ᠶ᠋ᠢᠨ ᠡᠵᠡᠨ ᠪᠠᠷᠰ᠂ ᠲᠠᠤᠯᠠᠢ ᠶ᠋ᠢᠨ ᠮᠠᠬᠠᠪᠣᠳ ᠮᠣᠳᠣ ᠮᠥᠨ ᠲᠤᠯᠠ ᠲᠡᠷᠡ ᠴᠠᠭ ᠲᠤᠷ ᠭᠠᠳᠠᠨᠠᠬᠢ ᠮᠣᠳᠣᠨ ᠮᠠᠬᠠᠪᠣᠳ ᠠᠷᠪᠢᠵᠢᠵᠤ ᠮᠣᠳᠣ ᠵᠢᠮᠢᠰ ᠰᠣᠶᠣᠭᠠᠯᠠᠬᠤ ᠶ᠋ᠢᠨ ᠴᠠᠭ ᠬᠠᠪᠤᠷ ᠦᠯᠦ ᠤᠷᠪᠠᠬᠤ ᠶ᠋ᠢᠨ ᠲᠡᠮᠳᠡᠭ ᠲᠣᠷ ᠣᠭᠲᠠᠷᠭᠤᠢ ᠳ᠋ᠤᠷ ᠮᠧᠩ ᠣᠳᠣ᠂ ᠤᠳᠢᠷᠠᠫᠠᠯᠭᠦᠨᠢ ᠭᠠᠷᠬᠤ ᠪᠤᠶᠤ ᠬᠠᠭᠤᠴᠢᠨ ᠶᠦᠲ᠋ᠣᠭᠸ᠎ᠠ ᠶ᠋ᠢᠨ ᠡᠨᠡᠳᠬᠡᠭ ᠦ᠋ᠨ ᠶᠣᠰᠣᠨ ᠳ᠋ᠤᠷ ᠪᠣᠯᠪᠠᠰᠤ <ᠷᠾᠨ> ᠬᠡᠮᠡᠬᠦ ᠪᠤᠶᠤ ᠴᠠᠭᠲᠤᠷ ᠣᠳᠣᠨ ᠰᠥᠨᠢ ᠶ᠋ᠢᠨ ᠬᠡᠮᠵᠢᠶ᠎ᠡ ᠶ᠋ᠢ ᠪᠠᠷᠢᠬᠤ ᠵᠠᠪᠰᠠᠷ ᠲᠤᠷ ᠪᠣᠯᠵᠣᠮᠣᠷ᠂ ᠪᠣᠭᠱᠣᠷᠭ᠎ᠠ ᠥᠪᠡᠷ ᠦ᠋ᠨ ᠳᠠᠭᠤᠨ ᠢ᠋ᠶ᠋ᠠᠨ ᠭᠠᠷᠭᠠᠮᠤᠢ ᠁》[4] 
1.3 《ᠪᠡᠷᠬᠡ ᠣᠨᠢᠰᠣᠨ ᠤ᠋ ᠸᠴᠢᠷ ᠵᠠᠩᠭᠢᠯᠠᠭ᠎ᠠ ᠶ᠋ᠢ ᠲᠠᠢᠯᠤᠭᠴᠢ 》 ᠳ᠋ᠤ᠌᠄ 《ᠮᠣᠩᠭᠣᠯ ᠤ᠋ᠨ ᠬᠠᠪᠤᠷ ᠤ᠋ᠨ ᠡᠬᠢᠨ ᠦ᠌ ᠪᠠᠷᠰ ᠰᠠᠷ᠎ᠠ ᠶ᠋ᠢ ᠡᠨᠳᠡᠭᠦᠷᠡᠯ ᠦᠭᠡᠢ ᠪᠦᠲᠦᠭᠡᠨ ᠲᠣᠭᠲᠠᠭᠠᠭᠰᠠᠨ ᠠ᠋ᠴᠠ ᠡᠬᠢᠯᠡᠭᠡᠳ ᠨᠢᠭᠡ ᠵᠢᠯ ᠢᠨᠤ ᠴᠠᠭ ᠵᠠᠪᠰᠠᠷ ᠯᠤᠭ᠎ᠠ ᠪᠠᠨ ᠲᠠᠪᠤ ᠪᠣᠯᠵᠤ ᠲᠠᠪᠤᠨ ᠴᠤᠯᠤ᠂ ᠲᠠᠪᠤᠨ ᠮᠠᠬᠠᠪᠣᠳ᠂ ᠲᠠᠪᠤᠨ ᠰᠤᠳᠠᠯ ᠤ᠋ᠨ ᠵᠡᠷᠭᠡ ᠶ᠋ᠢ ᠪᠠᠷᠢᠯᠳᠤᠭᠤᠯᠵᠤ ᠨᠣᠮᠯᠠᠬᠤ ᠪᠣᠯᠠᠢ᠃ ᠲᠡᠷᠡ ᠮᠡᠲᠦ 《ᠬᠠᠷ᠎ᠠ ᠵᠢᠷᠤᠬᠠᠢ ᠶ᠋ᠢᠨ ᠰᠤᠳᠤᠷ ᠲᠤᠷ ᠵᠡᠭᠦᠨ ᠵᠦᠭ ᠢᠨᠤ ᠮᠣᠳᠣ᠂ ᠡᠮᠦᠨ᠎ᠡ ᠵᠦᠭ ᠢᠨᠤ ᠭᠠᠯ᠂ ᠪᠠᠷᠠᠭᠤᠨ ᠵᠦᠭ ᠢᠨᠤ ᠲᠡᠮᠦᠷ᠂ ᠬᠣᠢᠲᠤ ᠵᠦᠭ ᠢᠨᠤ ᠤᠰᠤ᠂ ᠳᠥᠷᠪᠡᠨ ᠵᠠᠪᠰᠠᠷ ᠠᠨᠤ ᠰᠢᠷᠣᠢ ) ᠭᠡᠵᠦ ᠬᠡᠯᠡᠭᠰᠡᠨ ᠢ᠋ᠶ᠋ᠡᠷ ᠮᠡᠳᠡᠵᠦ ᠮᠣᠳᠣ ᠠ᠋ᠴᠠ ᠪᠠᠷᠰ᠂ ᠲᠠᠤᠯᠠᠢ ; ᠭᠠᠯ ᠠ᠋ᠴᠠ ᠮᠣᠭᠠᠢ᠂ ᠮᠣᠷᠢ ᠬᠣᠶᠠᠷ ; ᠲᠡᠮᠦᠷ ᠡᠴᠡ ᠪᠡᠴᠢᠨ᠂ ᠲᠠᠬᠢᠶ᠎ᠠ ᠬᠣᠶᠠᠷ ;ᠤᠰᠤᠨ ᠠ᠋ᠴᠠ ᠭᠠᠬᠠᠢ᠂ ᠬᠤᠯᠤᠭᠠᠨ᠎ᠠ ᠬᠣᠶᠠᠷ ᠭᠡᠵᠦ ᠨᠣᠮᠯᠠᠭᠰᠠᠨ ᠪᠠ ᠰᠢᠷᠣᠢ ᠠ᠋ᠴᠠ ᠨᠣᠬᠠᠢ᠂ ᠯᠤᠤ᠂ ᠦᠬᠡᠷ᠂ ᠬᠣᠨᠢ ᠳᠥᠷᠪᠡ ᠶ᠋ᠢᠨ ᠠᠯᠢᠨ ᠤ᠋ ᠬᠢᠨᠢ ᠪᠣᠯᠤᠭᠰᠠᠨ ᠴᠤ᠌ ᠰᠢᠷᠣᠢ ᠮᠠᠬᠠᠪᠣᠳ ᠪᠣᠯᠤᠮᠤᠢ ᠭᠡᠵᠡᠢ᠃ ᠵᠢᠯ ᠦ᠋ᠨ ᠠᠯᠢ ᠮᠠᠬᠠᠪᠣᠳ ᠢ᠋ ᠦᠵᠡᠭᠦᠯᠬᠦ ᠳ᠋ᠦ᠍ᠷ ᠪᠣᠯᠪᠠᠰᠤ ᠪᠠᠷᠰ᠂ ᠲᠠᠤᠯᠠᠢ ᠮᠣᠳᠣᠨ ᠮᠠᠬᠠᠪᠣᠳ᠃ ᠮᠣᠷᠢ ᠭᠠᠯ ᠮᠠᠬᠠᠪᠣᠳ; ᠪᠡᠴᠢᠨ᠂ ᠲᠠᠬᠢᠶ᠎ᠠ ᠲᠡᠮᠦᠷ ᠮᠠᠬᠠᠪᠣᠳ᠂ ᠬᠤᠯᠤᠭᠠᠨ᠎ᠠ᠂ ᠭᠠᠬᠠᠢ ᠤᠰᠤᠨ ᠮᠠᠬᠠᠪᠣᠳ <ᠳᠥᠷᠪᠡᠨ ᠬᠦᠴᠦᠲᠦ> ᠬᠡᠮᠡᠭᠴᠢ ᠶ᠋ᠢᠨ ᠠᠮᠢ ᠪᠣᠯᠪᠠᠰᠤ ᠰᠢᠷᠣᠢ ᠪᠣᠯᠤᠮᠤᠢ ᠬᠡᠮᠡᠭᠰᠡᠨ ᠢ᠋ᠶ᠋ᠡᠷ ᠴᠠᠭ᠂ ᠵᠠᠪᠰᠠᠷ ᠤ᠋ᠳ ᠢ᠋ ᠮᠠᠬᠠᠪᠣᠳ ᠯᠤᠭ᠎ᠠ ᠪᠠᠷᠢᠯᠳᠤᠭᠤᠯᠵᠠᠢ 》[5]᠃ 
1.4 《ᠬᠥᠬᠡ ᠪᠧᠧᠳᠦ᠋ᠷᠢᠶ᠎ᠠ 》 ᠳ᠋ᠤ᠌᠄ 《ᠶᠡᠷᠦᠩᠬᠡᠢ ᠤᠳᠬ᠎ᠠ ᠶ᠋ᠢᠨ ᠳᠣᠯᠣᠭ᠎ᠠ ᠳ᠋ᠤ᠌ ᠵᠢᠯ᠂ ᠰᠠᠷ᠎ᠠ᠂ ᠳᠥᠷᠪᠡᠨ ᠤᠯᠠᠷᠢᠯ  ᠳ᠋ᠤ᠌ ᠲᠠᠪᠤᠨ ᠵᠦᠢᠯ ᠦ᠋ᠨ ᠮᠠᠬᠠᠪᠣᠳ ᠢ᠋ ᠲᠣᠭᠠᠯᠠᠨ ᠥᠭᠦᠯᠡᠬᠦ ᠨᠢ᠄ ᠲᠡᠭᠦᠨ ᠳ᠋ᠦ᠍ ᠠᠩᠬ᠎ᠠ ᠳᠥᠷᠪᠡᠨ ᠴᠠᠭ ᠤ᠋ᠨ ᠴᠤᠯᠤ ᠡᠯᠢᠭᠡᠨ ᠦ᠌ ᠮᠠᠬᠠᠪᠣᠳ ᠮᠣᠳᠣ ᠵᠡᠷᠭᠡ ᠰᠤᠳᠠᠯ ᠳ᠋ᠤ᠌ ᠤᠴᠠᠷᠠᠭᠰᠠᠨ ᠢ᠋ᠶ᠋ᠠᠷ ᠨᠠᠷᠢᠨ ᠡᠷᠴᠢᠮ ᠲᠡᠢ ᠵᠡᠷᠭᠡ ᠪᠡᠷ ᠰᠢᠨᠵᠢ᠂ ᠲᠡᠭᠦᠨ ᠳ᠋ᠦ᠍ ᠡᠬᠡ ᠬᠥᠪᠡᠭᠦᠨ ᠳᠠᠢᠰᠤᠨ ᠨᠥᠬᠥᠷ ᠳᠥᠷᠪᠡ ᠪᠡᠷ ᠡᠷᠭᠢᠭᠦᠯᠦᠨ ᠡᠬᠢᠯᠡᠵᠦ ᠡᠨᠳᠡᠭᠦᠷᠡᠯ ᠦᠭᠡᠢ ᠲᠣᠭᠠᠯᠠᠨ᠎ᠠ᠃ ᠪᠠᠰᠠ ᠪᠦᠳᠦᠭᠦᠯᠢᠭ ᠳᠥᠷᠪᠡᠨ ᠴᠠᠭ᠂ ᠬᠠᠪᠤᠷ᠂ ᠵᠤᠨ᠂ ᠨᠠᠮᠤᠷ᠂ ᠡᠪᠦᠯ ᠳᠥᠷᠪᠡ᠂ ᠳᠥᠷᠪᠡᠨ ᠴᠠᠭ ᠤ᠋ᠨ ᠳᠥᠷᠪᠡᠨ ᠵᠠᠪᠰᠠᠷ ᠢ᠋ ᠨᠢᠭᠡ ᠳ᠋ᠦ᠍ ᠬᠤᠷᠢᠶᠠᠭᠰᠠᠨ ᠲᠠᠢ ᠲᠠᠪᠤ᠋ 》[6] ᠭᠡᠵᠦ ᠲᠡᠮᠳᠡᠭᠯᠡᠪᠡ᠃ 《ᠲᠡᠷᠡ ᠪᠠᠰᠠ ᠬᠠᠪᠤᠷ ᠤ᠋ᠨ ᠰᠠᠷ᠎ᠠ ᠠᠨᠠᠭᠠᠬᠤ ᠤᠬᠠᠭᠠᠨ ᠤ᠋ ᠥᠪᠡᠷ ᠦ᠋ᠨ ᠶᠣᠰᠣᠨ ᠳ᠋ᠤ᠌ ᠮᠣᠩᠭᠣᠯ ᠤ᠋ᠨ ᠠᠩᠬᠠᠳᠤᠭᠠᠷ ᠰᠠᠷ᠎ᠠ ᠶ᠋ᠢ ᠡᠬᠢ ᠪᠤᠯᠠᠭ ᠪᠣᠯᠭᠠᠨ ᠪᠠᠷᠢᠮᠲᠠᠯᠠᠵᠤ ᠂ ᠲᠡᠷᠢᠭᠦᠨ ᠂ ᠳᠤᠮᠳᠠ ᠂ ᠡᠴᠦᠰ ᠭᠤᠷᠪᠠ ᠃ ᠲᠡᠭᠦᠨ ᠦ᠌ ᠲᠡᠷᠢᠭᠦᠨ ᠂ ᠳᠤᠮᠳᠠ ᠬᠣᠶᠠᠷ ᠰᠠᠷ᠎ᠠ ᠶ᠋ᠢᠨ ᠡᠴᠡᠨ ᠪᠠᠷᠰ ᠲᠠᠤᠯᠠᠢ ᠶ᠋ᠢᠨ ᠠᠮᠢᠨ ᠡᠷᠬᠢᠯᠡᠬᠦ ᠂ ᠮᠠᠬᠠᠪᠣᠳ ᠮᠣᠳᠣ ᠮᠥᠨ ᠦ᠌ ᠡᠷᠬᠡ ᠪᠡᠷ ᠲᠡᠷᠡ ᠴᠠᠭ ᠭᠠᠳᠠᠨ᠎ᠠ ᠮᠣᠳᠣᠨ ᠮᠠᠬᠠᠪᠣᠳ ᠠᠷᠪᠢᠳᠠᠭᠰᠠᠨ ᠳ᠋ᠤ᠌ ᠰᠢᠲᠦᠭᠡᠳ ᠮᠣᠳᠣ ᠰᠢᠮ᠎ᠡ ᠶ᠋ᠢᠨ ᠠᠮᠠ ᠨᠡᠭᠡᠭᠡᠬᠦ ᠬᠠᠪᠤᠷ ᠤ᠋ᠨ ᠴᠠᠭ ᠦᠯᠦ ᠤᠷᠪᠠᠬᠤ ᠶ᠋ᠢᠨ ᠰᠢᠨᠵᠢ ᠳ᠋ᠦ᠍ ᠣᠭᠲᠠᠷᠭᠤᠢ ᠳ᠋ᠤ᠌ ᠲᠡᠷᠢᠭᠦᠨ ᠰᠠᠷ᠎ᠠ ᠳ᠋ᠤ᠌ ᠮᠧᠩ ᠣᠳᠣᠨ᠂ ᠳᠤᠮᠳᠠ ᠰᠠᠷ᠎ᠠ ᠳ᠋ᠤ᠌ ᠤᠳᠢᠷᠠᠫᠠᠯᠭᠦᠨᠢ ᠣᠳᠣᠨ ᠂ ᠡᠴᠦᠰ ᠪᠠᠭ᠎ᠠ ᠰᠠᠷ᠎ᠠ ᠳ᠋ᠤ᠌ ᠪᠣᠭᠱᠣᠷᠭ᠎ᠠ ᠪᠤᠶᠤ ᠽᠧᠳᠷ᠎ᠠ ᠣᠳᠣᠨ ᠢ᠋ᠶ᠋ᠠᠷ ᠠᠷᠪᠠᠨ ᠲᠠᠪᠤᠨ ᠤ᠋ ᠰᠠᠷ᠎ᠠ ᠯᠤᠭ᠎ᠠ ᠨᠥᠬᠥᠷᠯᠡᠨ ᠴᠠᠭ ᠤᠯᠠᠷᠢᠯ ᠤ᠋ᠨ ᠬᠡᠮᠵᠢᠶ᠎ᠡ ᠶ᠋ᠢ ᠪᠠᠷᠢᠨ᠎ᠠ᠃ ᠭᠡᠭᠡᠨ ᠵᠠᠪᠰᠠᠷ ᠲᠤ᠌ ᠪᠣᠭᠱᠣᠷᠭ᠎ᠠ ᠥᠪᠡᠷ ᠦ᠋ᠨ ᠲᠤᠰᠤᠨ᠎ᠠ ᠁ 》[10]᠃ 《ᠨᠡᠩ ᠢᠯᠠᠩᠭᠤᠶ᠎ᠠ ᠮᠣᠷᠢ ᠂ ᠮᠣᠭᠠᠢ ᠵᠢᠯᠲᠡᠢ ᠬᠥᠮᠦᠨ ᠤᠰᠤᠨ ᠳ᠋ᠤ᠌ ᠰᠠᠭᠤᠪᠠᠯ ᠭᠠᠬᠠᠢ ᠶ᠋ᠢᠨ ᠮᠢᠬ᠎ᠠ ᠂ ᠭᠤᠷᠪᠠᠯᠵᠢᠨ ᠪᠤᠳᠠᠭ᠎ᠠ ᠢᠳᠡᠬᠦ ᠶ᠋ᠢ ᠲᠡᠪᠴᠢ ᠃ ᠲᠤᠭᠤᠯᠭ᠎ᠠ ᠤᠤᠭᠤᠬᠤ ᠶ᠋ᠢ ᠲᠡᠪᠴᠢ ᠁ 》[11 ]᠃ 

2. ᠬᠦᠷᠦᠯᠴᠡᠬᠦ ᠰᠢᠨᠵᠢᠯᠡᠭᠡ ᠳ᠋ᠡᠬᠢ ᠵᠢᠷᠤᠬᠠᠢ ᠶ᠋ᠢᠨ ᠬᠡᠷᠡᠭᠯᠡᠯ 《ᠡᠮ ᠵᠠᠰᠠᠯ ᠤ᠋ᠨ ᠰᠠᠷᠠᠨ ᠬᠠᠭᠠᠨ》 ᠳ᠋ᠤ᠌ ᠄ 《ᠴᠠᠭ ᠢ᠋ᠶ᠋ᠠᠷ ᠤᠷᠪᠠᠬᠤ ᠶᠣᠰᠣ ᠶ᠋ᠢ ᠦᠵᠡᠭᠦᠯᠬᠦ ᠄ ᠬᠠᠪᠤᠷ ᠤ᠋ᠨ ᠭᠤᠷᠪᠠᠨ ᠰᠠᠷ᠎ᠠ ᠪᠣᠯᠪᠠᠰᠤ ᠮᠣᠳᠣᠨ ᠮᠠᠬᠠᠪᠣᠳ᠂ ᠵᠤᠨ ᠤ᠋ ᠭᠤᠷᠪᠠᠨ ᠰᠠᠷ᠎ᠠ ᠪᠣᠯᠪᠠᠰᠤ ᠭᠠᠯ ᠤ᠋ᠨ ᠮᠠᠬᠠᠪᠣᠳ᠂ ᠨᠠᠮᠤᠷ ᠤ᠋ᠨ ᠭᠤᠷᠪᠠᠨ ᠰᠠᠷ᠎ᠠ ᠪᠣᠯᠪᠠᠰᠤ ᠲᠡᠮᠦᠷ ᠦ᠋ᠨ ᠮᠠᠬᠠᠪᠣᠳ᠂ ᠡᠪᠦᠯ ᠦ᠋ᠨ ᠭᠤᠷᠪᠠᠨ ᠰᠠᠷ᠎ᠠ ᠪᠣᠯᠪᠠᠰᠤ ᠤᠰᠤᠨ ᠮᠠᠬᠠᠪᠣᠳ ᠪᠣᠯᠠᠢ᠃ ᠤᠷᠲᠤ ᠰᠠᠴᠠᠭᠤ (ᠡᠳᠦᠷ ᠰᠥᠨᠢ ᠬᠣᠶᠠᠭᠤᠯᠠ ᠪᠠᠨ ᠤᠷᠲᠤ) ᠣᠬᠣᠷ ᠰᠠᠴᠠᠭᠤ (ᠡᠳᠦᠷ ᠰᠥᠨᠢ ᠬᠣᠶᠠᠭᠤᠯᠠ ᠪᠠᠨ ᠣᠬᠣᠷ) ᠠᠨᠤ ᠠᠳᠠᠯᠢ ᠰᠠᠴᠠᠭᠤ᠃ ᠬᠣᠶᠠᠷ ᠨᠠᠢ᠍ᠮᠠ᠂ ᠬᠣᠶᠠᠷ ᠪᠢᠲᠡᠭᠦᠨ ᠦ᠌ ᠡᠳᠦᠷ ( ᠰᠢᠨ᠎ᠡ ᠶ᠋ᠢᠨ ᠨᠠᠢ᠍ᠮᠠ ᠬᠢᠭᠡᠳ ᠬᠣᠷᠢᠨ ᠭᠤᠷᠪᠠᠨ)᠂ ᠵᠠᠪᠰᠠᠷ ᠤ᠋ᠨ ᠨᠠᠢ᠍ᠮᠠᠨ ᠴᠠᠭ ᠬᠢᠭᠡᠳ ᠲᠡᠭᠦᠨᠴᠢᠯᠡᠨ ᠢᠯᠡᠭᠦᠦ ᠭᠤᠷᠪᠠ ᠶ᠋ᠢ ᠨᠠᠮᠤᠷ (ᠭᠤᠷᠪᠠ) ᠂ ᠬᠠᠪᠤᠷ (ᠭᠤᠷᠪᠠ) ᠂ ᠡᠪᠦᠯ(ᠭᠤᠷᠪᠠ) ᠳ᠋ᠤᠷ ᠨᠡᠮᠡᠪᠡᠰᠦ ᠠᠷᠪᠠᠨ ᠬᠣᠶᠠᠷ ᠰᠠᠷ᠎ᠠ ᠪᠣᠯᠤᠮᠤᠢ᠃ ᠡᠭᠦᠨ ᠢ᠋ ᠰᠤᠳᠠᠯ (ᠵᠢᠷᠭᠤᠭ᠎ᠠ ᠵᠢᠷᠭᠤᠭ᠎ᠠ ) ᠬᠢᠭᠡᠳ ᠭᠠᠳᠠᠷ ᠣᠷᠣᠨ ᠤ᠋ ᠰᠠᠷ᠎ᠠ (ᠳᠣᠲᠣᠷ᠎ᠠ ᠰᠤᠳᠠᠯ ᠤ᠋ᠨ) ᠯᠤᠭ᠎ᠠ ᠤᠶᠠᠯᠳᠤᠭᠤᠯᠤᠮᠤᠢ ᠁ ᠨᠢᠭᠡ ᠡᠳᠦᠷ ᠢ᠋ ᠨᠠᠢ᠍ᠮᠠᠨ ᠬᠤᠪᠢ ᠪᠠᠷ ᠬᠤᠪᠢᠶᠠᠮᠤᠢ᠃ ᠨᠢᠭᠡ ᠡᠳᠦᠷ ᠲᠣᠷ ᠬᠣᠶᠠᠷ ᠲᠦᠮᠡ ᠨᠢᠭᠡ ᠮᠢᠩᠭ᠎ᠠ ᠵᠢᠷᠭᠤᠭᠠᠨ ᠵᠠᠭᠤ ᠠᠮᠢᠰᠬᠤᠬᠤ ᠪᠣᠯᠠᠢ᠃ ᠭᠡᠬᠦ ᠳ᠋ᠦ᠍ ᠪᠡᠨ ᠨᠢᠭᠡ ᠬᠤᠪᠢ ᠳ᠋ᠤᠷ ᠳᠣᠯᠣᠭᠠᠨ ᠵᠠᠭᠤ ᠠᠮᠢᠰᠬᠤᠮᠤᠢ᠃ ᠲᠡᠭᠦᠨ ᠳ᠋ᠦ᠍ᠷ ᠪᠠᠰᠠ ᠬᠡᠰᠦᠬᠦ ᠠᠮᠢᠰᠬᠤᠯ ᠵᠢᠷᠠ ᠪᠦᠷᠢ ᠳ᠋ᠦ᠍ᠷ ᠮᠢᠩᠭ᠎ᠠ ᠭᠤᠷᠪᠠᠨ ᠵᠠᠭᠤ ᠲᠠᠪᠢ ᠪᠠᠢᠵᠤᠬᠤᠢ᠃ ᠵᠢᠷᠠᠨ ᠳᠥᠷᠪᠡᠨ ᠮᠥᠴᠡ ᠪᠦᠷᠢ  ᠳ᠋ᠦ᠍ᠷ ᠭᠤᠷᠪᠠᠨ ᠵᠠᠭᠤᠨ ᠭᠤᠴᠢ ᠪᠥᠭᠡᠳ ᠬᠠᠭᠠᠰ ᠯᠤᠭ᠎ᠠ ᠨᠠᠢ᠍ᠮᠠ᠃ ᠨᠢᠭᠡ ᠡᠳᠦᠷ ᠲᠣᠷ ᠠᠷᠪᠠᠨ ᠬᠣᠶᠠᠷ ᠠᠮᠢᠰᠬᠤᠯ ᠨᠡᠮᠡᠭᠳᠡᠵᠦ ᠬᠠᠰᠤᠭᠳᠠᠬᠤ ᠪᠥᠭᠡᠳ ᠵᠢᠷᠭᠤᠭᠠᠨ ᠰᠠᠷ᠎ᠠ ᠶ᠋ᠢᠨ ᠬᠤᠭᠤᠴᠠᠭᠠᠨ ᠳ᠋ᠤᠷ ᠬᠣᠶᠠᠷ ᠮᠢᠩᠭ᠎ᠠ ᠨᠢᠭᠡ ᠵᠠᠭᠤ ᠵᠢᠷᠠᠨ ᠠᠮᠢᠰᠬᠤᠯ ᠠᠷᠪᠢᠳᠠᠵᠤ ᠬᠣᠮᠰᠠᠳᠠᠮᠤᠢ [12]ᠭᠡᠪᠡ ᠃ 
       ᠰᠤᠳᠠᠯ ᠢ᠋ ᠴᠦ᠍ ᠲᠡᠭᠦᠨ ᠢ᠋ᠶ᠋ᠡᠷ ᠢᠯᠭᠠᠬᠤ ᠪᠣᠯᠠᠢ᠃ ᠰᠢᠷᠣᠢ᠂ ᠤᠰᠤ᠂ ᠮᠣᠳᠣ᠂ ᠲᠡᠮᠦᠷ᠂ ᠭᠠᠯ ᠲᠠᠪᠤᠨ ᠮᠠᠬᠠᠪᠣᠳ ᠤ᠋ᠨ ᠰᠤᠳᠠᠯ ᠪᠣᠯᠪᠠᠰᠤ ᠳᠡᠯᠢᠭᠦᠦ᠂ ᠪᠥᠭᠡᠷ᠎ᠡ᠂ ᠡᠯᠢᠭᠡ᠂ ᠠᠭᠤᠰᠬᠢ᠂ ᠵᠢᠷᠦᠬᠡ ᠵᠡᠷᠭᠡ ᠲᠠᠪᠤᠨ ᠴᠤᠯᠤ ᠶ᠋ᠢᠨ ᠰᠤᠳᠠᠯ ᠪᠣᠯᠤᠮᠤᠢ᠃ ᠬᠣᠶᠠᠷ ᠨᠠᠢ᠍ᠮᠠ᠂ ᠳᠡᠭᠡᠳᠦ ᠳᠣᠣᠷᠠᠳᠤ ᠮᠠᠬᠠᠪᠤᠳ ᠬᠢᠭᠡᠳ ᠬᠣᠷᠢ ᠶᠢᠰᠦᠨ ᠪᠢᠲᠡᠭᠦᠨ (ᠭᠤᠴᠢᠨ ᠤ ᠡᠳᠦᠷ) ᠤ ᠰᠠᠷ᠎ᠠ᠂ ᠳᠣᠯᠣᠭᠠᠨ ᠭᠠᠷᠠᠭ ᠪᠠ ᠤᠳᠤᠨ ᠭᠠᠷᠠᠭ ᠢᠶᠠᠷ ᠴᠠᠭ ᠪᠠ ᠬᠤᠪᠢ ᠵᠠᠶᠠᠭ᠎ᠠ ᠶᠢ ᠰᠢᠨᠵᠢᠯᠡᠰᠦᠭᠡᠢ᠃ ᠬᠠᠪᠤᠷ ᠂ ᠵᠤᠨ ᠂ ᠨᠠᠮᠤᠷ ᠂ ᠡᠪᠦᠯ ᠳᠥᠷᠪᠡᠨ ᠤᠯᠠᠷᠢᠯ ᠤ᠋ᠨ ᠬᠠᠪᠤᠷ ᠲᠤᠷ ᠷᠠᠪᠤ ᠂ ᠳ᠋ᠠᠴᠦ᠋ᠩ  ᠣᠳᠣᠨ ᠭᠦᠶᠦᠵᠦ ᠪᠣᠯᠵᠣᠮᠣᠷ ᠪᠣᠭᠱᠣᠷᠭ᠎ᠠ ᠵᠢᠷᠭᠢᠬᠦ ᠴᠠᠭ ᠪᠣᠯᠠᠢ ᠁ 
       ᠡᠯᠢᠭᠡᠨ ᠳ᠋ᠦ᠍ᠷ ᠮᠣᠳᠣᠨ ᠮᠠᠬᠠᠪᠣᠳ ᠭᠦᠶᠦᠭᠰᠡᠨ ᠬᠠᠪᠤᠷ ᠤ᠋ᠨ ᠰᠤᠳᠠᠯ ᠪᠣᠯᠪᠠᠰᠤ ᠬᠤᠭᠤᠷ ᠤ᠋ᠨ ᠬᠥᠪᠵᠢ ᠠᠳᠠᠯᠢ ᠲᠡᠭᠰᠢᠬᠡᠨ ᠨᠠᠷᠢᠨ ᠪᠠᠢᠳᠠᠭ᠃ ᠵᠤᠨ ᠪᠣᠯᠪᠠᠰᠤ ᠭᠠᠯ ᠤ᠋ᠨ ᠮᠠᠬᠠᠪᠣᠳ᠂ ᠵᠢᠷᠦᠬᠡᠨ ᠰᠤᠳᠠᠯ ᠭᠦᠶᠦᠵᠦ ᠲᠤᠰᠠᠭᠠᠷ ᠤᠷᠲᠤ ᠣᠬᠣᠷ ᠪᠦᠳᠦᠭᠦᠨ ᠯᠤᠭᠰᠢᠮᠤᠢ᠃ ᠨᠠᠮᠤᠷ ᠪᠣᠯᠪᠠᠰᠤ ᠲᠡᠮᠦᠷ ᠦ᠋ᠨ ᠮᠠᠬᠠᠪᠣᠳ᠂ ᠠᠭᠤᠰᠬᠢ ᠶ᠋ᠢᠨ ᠰᠤᠳᠠᠯ ᠭᠦᠶᠦᠵᠦ ᠪᠦᠳᠦᠭᠦᠨ ᠪᠥᠭᠡᠳ ᠴᠠᠭ ᠠᠨᠤ ᠣᠢᠷ᠎ᠠ ᠲᠡᠭᠰᠢ ᠯᠤᠭᠰᠢᠮᠤᠢ᠃ ᠡᠪᠦᠯ ᠪᠣᠯᠪᠠᠰᠤ ᠪᠥᠭᠡᠷᠡᠨ ᠰᠤᠳᠠᠯ ᠭᠦᠶᠦᠵᠦ ᠤᠰᠤᠨ ᠳᠣᠲᠣᠷᠠᠬᠢ ᠮᠣᠷᠢᠨ ᠬᠢᠯᠭᠠᠰᠤ ᠠᠳᠠᠯᠢ ᠨᠠᠷᠢᠨ ᠯᠤᠭᠰᠢᠮᠤᠢ᠃ ᠡᠴᠦᠰ ᠦ᠋ᠨ ᠳᠥᠷᠪᠡᠨ ᠴᠠᠭ ᠲᠤᠷ ᠳᠡᠯᠢᠭᠦᠨ ᠰᠤᠳᠠᠯ ᠭᠦᠶᠦᠵᠦ ᠰᠢᠪᠠᠭᠤᠨ ᠥᠳᠥ ᠶ᠋ᠢ ᠰᠠᠯᠬᠢᠨ ᠳ᠋ᠤᠷ ᠬᠡᠢᠰᠬᠡᠭᠰᠡᠨ ᠠᠳᠠᠯᠢ ᠯᠤᠭᠰᠢᠮᠤᠢ᠃ ᠡᠯᠢᠭᠡ ᠰᠥᠰᠥ ᠢᠨᠤ ᠮᠣᠳᠣᠨ ᠮᠠᠬᠠᠪᠣᠳ ᠭᠦᠶᠦᠵᠦ ᠬᠠᠪᠤᠷ ᠤ᠋ᠨ ᠳᠠᠯᠠᠨ ᠬᠣᠶᠠᠷ ᠡᠳᠦᠷ ᠲᠣᠷ ᠬᠤᠭᠤᠷ ᠤ᠋ᠨ ᠬᠥᠪᠴᠢ ᠠᠳᠠᠯᠢ ᠲᠡᠭᠰᠢᠬᠡᠨ ᠯᠤᠭᠰᠢᠬᠤ ᠮᠥᠷᠲᠡᠭᠡᠨ ᠴᠢᠩᠭ᠎ᠠ ᠡᠷᠴᠢᠮᠲᠡᠢ ᠪᠥᠭᠡᠳ ᠵᠥᠭᠡᠯᠡᠨ ᠯᠤᠭᠰᠢᠬᠤ ᠠᠨᠤ ᠮᠣᠳᠣᠨ ᠮᠠᠬᠠᠪᠣᠳ ᠲᠤ᠌ ᠪᠠᠨ ᠵᠣᠬᠢᠯᠳᠤᠮᠤᠢ᠃ ᠵᠢᠷᠦᠬᠡ ᠭᠡᠳᠡᠰᠦ ᠳ᠋ᠦ᠍ᠷ ᠭᠠᠯ ᠤ᠋ᠨ ᠮᠠᠬᠠᠪᠣᠳ ᠭᠦᠶᠦᠵᠦ ᠵᠤᠨ ᠤ᠋ ᠳᠠᠯᠠᠨ ᠬᠣᠶᠠᠷ ᠡᠳᠦᠷ ᠲᠣᠷ ᠣᠯᠠᠨ ᠴᠥᠭᠡᠨ ᠡᠴᠡ ᠠᠩᠭᠢᠳᠠ ᠪᠦᠳᠦᠭᠦᠨ ᠮᠥᠷᠲᠡᠭᠡᠨ ᠤᠷᠲᠤ ᠣᠬᠣᠷ ᠰᠢᠷᠦᠭᠦᠨ ᠯᠤᠭᠰᠢᠬᠤ ᠠᠨᠤ ᠭᠠᠯ ᠤ᠋ᠨ ᠮᠠᠬᠠᠪᠣᠳ ᠲᠠᠭᠠᠨ ᠵᠣᠬᠢᠯᠳᠤᠮᠤᠢ᠃ ᠠᠭᠤᠰᠬᠢ ᠣᠯᠣᠭᠠᠢ ᠳ᠋ᠤᠷ ᠲᠡᠮᠦᠷ ᠦ᠋ᠨ ᠮᠠᠬᠠᠪᠣᠳ ᠭᠦᠶᠦᠵᠦ᠂ ᠨᠠᠮᠤᠷ ᠤ᠋ᠨ ᠳᠠᠯᠠᠨ ᠬᠣᠶᠠᠷ ᠡᠳᠦᠷ ᠲᠣᠷ ᠳᠤᠷᠠᠰᠢᠯ ᠠᠨᠤ ᠣᠬᠣᠷ ᠪᠣᠯᠪᠠᠰᠤ ᠪᠦᠳᠦᠭᠦᠨ ᠯᠤᠭᠰᠢᠵᠤ ᠰᠡᠳᠬᠢᠯ ᠢᠨᠤ ᠪᠡᠶᠡᠰᠪᠡᠰᠦ ᠲᠡᠭᠰᠢ ᠯᠤᠭᠰᠢᠮᠤᠢ᠃ ᠳᠤᠷᠠᠰᠢᠯ ᠣᠬᠣᠷ ᠪᠣᠯᠬᠤ ᠠᠨᠤ ᠲᠡᠮᠦᠷ ᠦ᠋ᠨ ᠮᠠᠬᠠᠪᠣᠳ ᠲᠠᠭᠠᠨ ᠵᠣᠬᠢᠯᠳᠤᠮᠤᠢ᠃ ᠪᠠᠷᠠᠭᠤᠨ ᠪᠥᠭᠡᠷ᠎ᠡ (ᠭᠠᠬᠠᠢ)᠂ ᠳᠠᠪᠤᠰᠠᠩ (ᠬᠤᠯᠤᠭᠠᠨ᠎ᠠ) ᠪᠣᠯᠪᠠᠰᠤ ᠤᠰᠤᠨ ᠮᠠᠬᠠᠪᠣᠳ ᠲᠠᠢ ᠪᠥᠭᠡᠳ ᠡᠪᠦᠯ ᠦ᠋ᠨ ᠳᠠᠯᠠᠨ ᠬᠣᠶᠠᠷ ᠡᠳᠦᠷ ᠲᠣᠷ ᠣᠯᠠᠨ ᠴᠥᠭᠡᠨ ᠡᠴᠡ ᠠᠩᠭᠢᠳᠠ ᠮᠣᠷᠢᠨ ᠬᠢᠯᠭᠠᠰᠤ ᠠᠳᠠᠯᠢ᠂ ᠨᠠᠷᠢᠨ ᠵᠥᠭᠡᠯᠡᠨ ᠯᠤᠭᠰᠢᠯᠲᠠ ᠪᠠᠷ ᠢ᠋ᠶ᠋ᠠᠨ ᠤᠰᠤᠨ ᠮᠠᠬᠠᠪᠣᠳ ᠲᠠᠭᠠᠨ ᠵᠣᠬᠢᠯᠳᠤᠮᠤᠢ᠃ ᠡᠴᠦᠰ ᠦ᠋ᠨ ᠳᠥᠷᠪᠡ᠂ ᠠᠷᠪᠠᠨ ᠨᠠᠢ᠍ᠮᠠ᠂ ᠳᠠᠯᠠᠨ ᠬᠣᠶᠠᠷ ᠡᠳᠦᠷ ᠲᠣᠷ ᠳᠡᠯᠢᠭᠦᠦ (ᠰᠢᠷᠣᠢ) ᠂ ᠬᠣᠳᠣᠭᠣᠳᠣ (ᠭᠠᠯ) ᠪᠠᠷᠢᠯᠳᠤᠵᠤ ᠰᠢᠷᠣᠢ ᠶ᠋ᠢᠨ ᠮᠠᠬᠠᠪᠣᠳ ᠭᠦᠶᠦᠮᠦᠢ᠃ ᠲᠡᠭᠦᠨ ᠦ᠌ ᠬᠠᠪᠤᠷ ᠵᠤᠨ ᠤ᠋ ᠡᠴᠦᠰ ᠦ᠋ᠨ ᠭᠤᠴᠢᠨ ᠵᠢᠷᠭᠤᠭᠠᠨ ᠬᠣᠨᠣᠭ ᠲᠤᠷ ᠰᠢᠪᠠᠭᠤᠨ ᠥᠳᠥ ᠠᠳᠠᠯᠢ ᠪᠠᠲᠤ ᠦᠭᠡᠢ ᠯᠤᠭᠰᠢᠬᠤ ᠠᠨᠤ ᠵᠡᠭᠦᠨ ᠪᠥᠭᠡᠷ᠎ᠡ᠂ ᠰᠠᠮᠰᠧ ᠶ᠋ᠢᠨ ᠤᠰᠤᠨ ᠮᠠᠬᠠᠪᠣᠳ ᠲᠤᠷ ᠵᠣᠬᠢᠯᠳᠤᠮᠤᠢ᠃ ᠨᠠᠮᠤᠷ ᠡᠪᠦᠯ ᠦ᠋ᠨ ᠡᠴᠦᠰ ᠦ᠋ᠨ ᠭᠤᠴᠢᠨ ᠵᠢᠷᠭᠤᠭᠠᠨ ᠬᠣᠨᠣᠭ ᠤ᠋ᠨ ᠨᠠᠮᠤᠷ ᠲᠤ᠌ ᠨᠢ ᠪᠣᠯᠪᠠᠰᠤ ᠳᠡᠭᠡᠷ᠎ᠡ ᠳᠣᠣᠷ᠎ᠠ ᠯᠤᠭᠰᠢᠬᠤ᠂ ᠡᠪᠦᠯ ᠢᠨᠤ ᠵᠥᠭᠡᠯᠡᠨ ᠪᠥᠭᠡᠳ ᠰᠢᠪᠠᠭᠤᠨ ᠥᠳᠥ ᠮᠡᠲᠦ ᠳᠦᠭᠦᠷᠡᠩ ᠯᠤᠭᠰᠢᠬᠤ ᠠᠨᠤ ᠤᠰᠤᠨ ᠮᠠᠬᠠᠪᠣᠳ ᠲᠤᠷ ᠵᠣᠬᠢᠯᠳᠤᠬᠤ ᠪᠥᠭᠡᠳ ᠠᠮᠢᠨ ᠳᠣᠯᠣᠭᠠᠨ ᠰᠤᠳᠠᠯ ᠪᠣᠯᠤᠮᠤᠢ᠃ ᠬᠠᠪᠤᠷ ᠡᠯᠢᠭᠡᠨ ᠰᠤᠳᠠᠯ ᠭᠦᠶᠦᠬᠦ ᠴᠠᠭ ᠲᠤᠷ ᠠᠭᠤᠰᠬᠢᠨ ᠰᠤᠳᠠᠯ ᠭᠠᠷᠪᠠᠰᠤ (ᠮᠣᠳᠣ ᠶ᠋ᠢ ᠲᠡᠮᠦᠷ ᠢ᠋ᠶ᠋ᠡᠷ ᠣᠭᠲᠣᠯᠤᠭᠰᠠᠨ) ᠦᠬᠦᠮᠦᠢ᠃ ᠵᠢᠷᠦᠬᠡᠨ ᠰᠤᠳᠠᠯ ᠭᠠᠷᠪᠠᠰᠤ (ᠮᠣᠳᠣ ᠪᠠᠷ ᠭᠠᠯ ᠪᠣᠯᠭᠠᠬᠤ) ᠬᠥᠪᠡᠭᠦᠨ ᠲᠡᠢ ᠪᠡᠨ ᠤᠴᠠᠷᠠᠮᠤᠢ᠃ ᠳᠡᠯᠢᠭᠦᠨ ᠰᠤᠳᠠᠯ ᠭᠠᠷᠪᠠᠰᠤ ᠡᠳ᠋ ᠯᠤᠬᠡ ᠤᠴᠠᠷᠠᠮᠤᠢ᠃ ᠪᠥᠭᠡᠷᠡᠨ ᠰᠤᠳᠠᠯ ᠭᠠᠷᠪᠠᠰᠤ (ᠮᠣᠳᠣ ᠤᠰᠤ ᠪᠠᠷᠢᠯᠳᠤᠬᠤ)ᠡᠬᠡ ᠲᠡᠢ ᠪᠡᠨ ᠤᠴᠠᠷᠠᠬᠤ ᠪᠥᠭᠡᠳ ᠦᠬᠦᠬᠦ ᠠᠶᠤᠯ ᠶᠡᠷᠦ ᠦᠭᠡᠢ ᠁ 》[13]᠃ 
      《ᠪᠥᠭᠡᠷᠡᠨ ᠰᠤᠳᠠᠯ ᠪᠣᠯᠪᠠᠰᠤ ᠪᠡᠶ᠎ᠡ ᠶ᠋ᠢᠨ ᠰᠢᠮ᠎ᠡ ᠪᠣᠯᠠᠢ᠂ ᠠᠭᠤᠰᠬᠢ ᠵᠢᠷᠦᠬᠡᠨ (ᠭᠠᠯ ᠰᠢᠷᠣᠢ) ᠰᠤᠳᠠᠯ ᠪᠣᠯᠪᠠᠰᠤ ᠪᠡᠶ᠎ᠡ ᠶ᠋ᠢᠨ ᠲᠦᠰᠢᠭ ᠪᠣᠯᠠᠢ᠃ ᠡᠯᠢᠭᠡ ᠳᠡᠯᠢᠭᠦᠦ (ᠰᠢᠷᠣᠢ ᠰᠢᠷᠣᠢ ) ᠶ᠋ᠢᠨ ᠰᠤᠳᠠᠯ ᠪᠣᠯᠪᠠᠰᠤ ᠪᠡᠶ᠎ᠡ ᠶ᠋ᠢ ᠲᠥᠯᠥᠵᠢᠭᠦᠯᠦᠮᠦᠢ᠃ 
       ᠪᠡᠶ᠎ᠡ ᠪᠠ ᠪᠥᠭᠡᠷᠡᠨ ᠦ᠌ ᠮᠠᠭᠤᠳᠠᠵᠤ ᠰᠠᠢᠵᠢᠷᠠᠬᠤ ᠰᠤᠳᠠᠯ᠄ ᠬᠠᠪᠤᠷ ᠤ᠋ᠨ ᠡᠬᠢ ᠰᠠᠷ᠎ᠠ ᠶ᠋ᠢᠨ ᠰᠢᠨ᠎ᠡ ᠶ᠋ᠢᠨ ᠨᠢᠭᠡᠨ ᠳ᠋ᠦ᠍ ᠡᠯᠢᠭᠡᠨ (ᠮᠣᠳᠣ ᠪᠠᠷᠰ)ᠰᠤᠳᠠᠯ ᠠᠷᠪᠠᠨ ᠳᠥᠷᠪᠡᠨ (ᠮᠣᠳᠣ ᠲᠠᠤᠯᠠᠢ) ᠳ᠋ᠤᠷ ᠰᠥᠰᠥᠨ ᠰᠤᠳᠠᠯ᠂ ᠬᠣᠷᠢᠨ ᠲᠠᠪᠤᠨ ᠮᠣᠳᠣ ᠪᠠᠷᠰ) ᠲᠤᠷ ᠡᠯᠢᠭᠡᠨ ᠰᠤᠳᠠᠯ ᠪᠢᠲᠡᠭᠦᠨ (ᠰᠢᠷᠣᠢ) ᠳ᠋ᠤᠷ ᠬᠣᠳᠣᠭᠣᠳᠣᠨ ᠰᠤᠳᠠᠯ ᠲᠤᠰ ᠲᠤᠰ ᠭᠦᠶᠦᠮᠦᠢ᠃ ᠲᠡᠭᠦᠨ ᠦ᠌ ᠮᠣᠳᠣ (ᠥᠷᠥᠴᠡ᠂ ᠵᠢᠷᠦᠬᠡ᠂ ᠭᠡᠳᠡᠰᠦ᠂ ᠲᠡᠮᠦᠷ) ᠵᠢᠪᠬᠦ᠂ ᠭᠠᠯ ᠵᠣᠭᠰᠣᠭᠠᠳ ᠠᠭᠤᠰᠬᠢᠨ ᠰᠤᠳᠠᠯ ᠦᠢᠮᠡᠯᠴᠡᠬᠦ᠂ ᠰᠢᠷᠣᠢ ᠶ᠋ᠢᠨ ᠰᠤᠳᠠᠯ ᠤ᠋ᠨ ᠬᠠᠲᠠᠭᠤ (ᠬᠣᠳᠣᠭᠣᠳᠣ ᠳᠡᠯᠢᠭᠦᠦ) ᠂ ᠤᠰᠤᠨ ᠰᠤᠳᠠᠯ (ᠪᠠᠷᠠᠭᠤᠨ ᠪᠥᠭᠡᠷ᠎ᠡ ᠳᠠᠪᠤᠰᠠᠩ) ᠴᠡᠴᠡᠷᠡᠭᠰᠡᠨ ᠢᠨᠤ ᠠᠭᠤᠰᠬᠢᠨ ᠰᠤᠳᠠᠯ (ᠲᠡᠮᠦᠷ) ᠢ᠋ᠶ᠋ᠡᠷ ᠳᠠᠢᠰᠤᠩᠨᠠᠬᠤ᠂ ᠬᠠᠭᠠᠰ ᠡᠳᠦᠷ ᠪᠤᠶᠤ ᠬᠠᠭᠠᠰ ᠰᠠᠷ᠎ᠠ᠂ ᠬᠠᠭᠠᠰ ᠵᠢᠯ ᠳ᠋ᠦ᠍ᠷ ᠬᠡᠢ ᠡᠪᠡᠳᠴᠢᠨ ᠢ᠋ᠶ᠋ᠡᠷ ᠬᠠᠪᠤᠳᠠᠷ ᠬᠥᠬᠡᠪᠦᠷ ᠣᠷᠣᠵᠤ ᠦᠬᠦᠮᠦᠢ᠃ ᠭᠠᠯ (ᠵᠢᠷᠦᠬᠡᠨ ᠰᠤᠳᠠᠯ) ᠦᠢᠮᠡᠯᠴᠡᠬᠦ᠂ ᠲᠡᠮᠦᠷ (ᠠᠭᠤᠰᠬᠢᠨ ᠰᠤᠳᠠᠯ) ᠵᠣᠭᠰᠣᠭᠠᠳ᠂ ᠰᠢᠷᠣᠢ ᠴᠡᠴᠡᠷᠡᠬᠦ (ᠬᠣᠳᠣᠭᠣᠳᠣᠨ ᠰᠤᠳᠠᠯ) ᠂ ᠤᠰᠤ ᠬᠠᠲᠠᠭᠤ (ᠮᠣᠳᠣ ᠭᠠᠯ ᠢ᠋ᠶ᠋ᠠᠷ) ᠂ ᠮᠣᠳᠣ ᠳᠡᠯᠭᠡᠷᠡᠩᠭᠦᠢ ᠪᠥᠭᠡᠳ ᠠᠭᠤᠰᠬᠢᠨ ᠰᠤᠳᠠᠯ (ᠪᠠᠴᠢ ᠡᠳᠦᠷ) ᠦ᠋ᠨ ᠡᠳᠦᠷ ᠬᠣᠨᠣᠭ ᠲᠤᠷ ᠭᠡᠲᠦᠯᠬᠦ ᠢᠨᠤ ᠪᠠᠷᠠᠭᠤᠨ ᠵᠦᠭ(ᠥᠰᠢᠯᠳᠦᠭᠰᠡᠨ) ᠦ᠌ ᠪᠠᠨᠳᠢ ᠪᠣᠮᠪᠣ᠂ ᠰᠢᠮᠨᠤᠰ ᠤ᠋ᠨ ᠲᠣᠬᠢᠷᠤᠯ᠃ ᠡᠭᠦᠨ ᠦ᠌ ᠵᠠᠰᠠᠯ ᠢ᠋ ᠪᠠᠷᠠᠭᠤᠨ ᠵᠦᠭ ᠲᠦ᠍ᠷ ᠬᠢᠰᠦᠭᠡᠢ (ᠠᠳᠠ ᠶ᠋ᠢᠨ) ᠥᠩᠭᠡ ᠢᠨᠤ ᠲᠡᠮᠦᠷ ᠪᠤᠶᠤ ᠲᠡᠷᠡ ᠮᠡᠲᠦ ᠪᠣᠯᠪᠠᠰᠤ ᠬᠠᠪᠤᠷ ᠤ᠋ᠨ ᠳᠤᠮᠳᠠ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ ᠰᠥᠰᠥᠨ (ᠮᠣᠳᠣ ᠰᠤᠳᠠᠯ ᠭᠦᠶᠦᠬᠦ᠂ ᠳᠣᠯᠣᠭᠠᠨ ᠳ᠋ᠤᠷ ᠣᠯᠣᠭᠠᠢ (ᠲᠡᠮᠦᠷ) ᠦ᠋ᠨ ᠰᠤᠳᠠᠯ ᠭᠦᠶᠦᠬᠦ᠂ ᠠᠷᠪᠠᠨ ᠳᠥᠷᠪᠡᠨ ᠳ᠋ᠦ᠍ᠷ ᠡᠯᠢᠭᠡᠨ (ᠰᠥᠰᠥᠨ) ᠰᠤᠳᠠᠯ ᠭᠦᠶᠦᠬᠦ᠂ ᠪᠢᠲᠡᠭᠦᠨ ᠳ᠋ᠦ᠍ᠷ ᠪᠥᠭᠡᠷᠡᠨ ᠰᠤᠳᠠᠯ ᠭᠦᠶᠦᠮᠦᠢ ᠃ ᠰᠥᠰᠥᠨ ᠰᠤᠳᠠᠯ (ᠮᠣᠳᠣ ᠬᠠᠪᠤᠷ)  ᠵᠢᠪᠦᠬᠦ᠂ ᠵᠢᠷᠦᠬᠡᠨ ᠰᠤᠳᠠᠯ (ᠭᠠᠯ) ᠴᠡᠴᠡᠷᠡᠬᠦ᠂ ᠠᠭᠤᠰᠬᠢᠨ ᠰᠤᠳᠠᠯ(ᠲᠡᠮᠦᠷ) ᠬᠠᠲᠠᠭᠤ᠂ ᠳᠡᠯᠢᠭᠦᠨ ᠰᠤᠳᠠᠯ ᠦᠢᠮᠡᠯᠴᠡᠬᠦ᠂ ᠪᠥᠭᠡᠷᠡᠨ ᠰᠤᠳᠠᠯ (ᠳᠠᠪᠤᠰᠠᠩ) ᠵᠣᠭᠰᠣᠪᠠᠰᠤ ᠳᠣᠯᠣᠭᠠᠨ ᠬᠣᠨᠣᠭ᠂ ᠳᠣᠯᠣᠭᠠᠨ ᠰᠠᠷ᠎ᠠ ᠡᠰᠡᠬᠦᠯ᠎ᠡ ᠳᠣᠯᠣᠭᠠᠨ ᠵᠢᠯ ᠳ᠋ᠦ᠍ᠷ ᠦᠬᠦᠮᠦᠢ᠃ ᠣᠯᠣᠭᠠᠢ ᠶ᠋ᠢᠨ ᠰᠤᠳᠠᠯ (ᠠᠭᠤᠰᠬᠢ) ᠪᠡᠷ ᠳᠠᠢᠰᠤᠩᠨᠠᠪᠠᠰᠤ ᠡᠪᠡᠳᠴᠢᠨ ᠪᠣᠯᠤᠮᠤᠢ 》[14]᠃ 
     《ᠰᠥᠰᠥᠨ ᠰᠤᠳᠠᠯ ᠳᠡᠯᠭᠡᠷᠡᠵᠦ᠂ ᠵᠢᠷᠦᠬᠡᠨ ᠰᠤᠳᠠᠯ ᠬᠠᠲᠠᠭᠤ᠂ ᠠᠭᠤᠰᠬᠢᠨ ᠰᠤᠳᠠᠯ ᠴᠡᠴᠡᠷᠡᠬᠦ᠂ ᠳᠡᠯᠢᠭᠦᠨ ᠰᠤᠳᠠᠯ ᠵᠣᠭᠰᠣᠬᠤ᠂ ᠪᠥᠭᠡᠷᠡᠨ ᠰᠤᠳᠠᠯ ᠦᠢᠮᠡᠯᠴᠡᠬᠦ ᠪᠥᠭᠡᠳ ᠣᠯᠣᠭᠠᠢ ᠶ᠋ᠢᠨ ᠰᠤᠳᠠᠯ ᠬᠤᠪᠢᠷᠠᠯᠲᠠ ᠦᠭᠡᠢ ᠪᠣᠯᠪᠠᠰᠤ ᠡᠳᠡᠭᠡᠷᠡᠮᠦᠢ᠃ ᠲᠡᠳᠡᠭᠡᠷ ᠢᠨᠤ ᠪᠠᠷᠠᠭᠤᠨ ᠵᠦᠭ ᠦ᠋ᠨ ᠪᠠᠨᠳᠢ᠂ ᠪᠣᠮᠪᠣ᠂ ᠡᠬᠡ ᠰᠢᠮᠨᠤᠰ ᠤ᠋ᠨ ᠳᠣᠬᠢᠷᠤᠯ ᠬᠢᠭᠡᠳ ᠬᠠᠭᠤᠴᠢᠨ ᠬᠡᠢᠳ᠂ ᠬᠠᠳᠠᠨ ᠵᠠᠬ᠎ᠠ ᠨᠡᠢᠯᠡᠯᠳᠦᠭᠰᠡᠨ ᠠᠳᠠ ᠠ᠋ᠴᠠ ᠪᠣᠯᠤᠭᠰᠠᠨ ᠲᠤᠯᠠᠳᠠ ᠬᠣᠢᠲᠤ ᠵᠦᠭ ᠡᠴᠡ ᠵᠠᠰᠠᠯ ᠦᠢᠯᠡᠳᠪᠡᠰᠦ ᠰᠠᠢᠨ》[15]᠃ 

3. ᠪᠣᠳᠠᠲᠤ ᠡᠮᠴᠢᠯᠡᠭᠡ ᠳ᠋ᠡᠬᠢ ᠵᠢᠷᠤᠬᠠᠢ ᠶ᠋ᠢᠨ ᠤᠬᠠᠭᠠᠨ ᠤ᠋ ᠬᠡᠷᠡᠭᠯᠡᠯᠲᠡ ᠳᠡᠭᠡᠷᠡᠬᠢ ᠰᠣᠩᠭᠣᠳᠠᠭ ᠵᠣᠬᠢᠶᠠᠯ ᠢ᠋ ᠰᠤᠷᠤᠯᠴᠠᠬᠤ ᠪᠠᠷ ᠳᠠᠮᠵᠢᠨ ᠡᠷᠲᠡᠨ ᠦ᠌ ᠮᠡᠷᠭᠡᠳ ᠢ᠋ᠶ᠋ᠡᠷ ᠬᠣᠷᠸ᠎ᠠ ᠶᠢᠷᠲᠢᠨᠴᠦ ᠶ᠋ᠢᠨ ᠪᠠᠢᠭᠠᠯᠢᠯᠢᠭ ᠦᠵᠡᠭᠳᠡᠯ ᠢ᠋ ᠪᠣᠷᠣᠭᠵᠢᠭᠤᠨ ᠪᠣᠳᠠᠰᠴᠢ ᠦᠵᠡᠯᠲᠡ ᠪᠡᠷ ᠬᠤᠷᠢᠶᠠᠩᠭᠤᠢᠯᠠᠵᠤ᠂ ᠵᠢᠷᠤᠬᠠᠢ ᠶ᠋ᠢᠨ ᠶᠣᠰᠣᠨ ᠤ᠋ ᠲᠩᠷᠢ ᠶ᠋ᠢᠨ ᠡᠰᠢ ᠶ᠋ᠢᠨ ᠠᠷᠪᠠᠨ ᠥᠩᠭᠡ ᠶ᠋ᠢ ᠲᠠᠪᠤᠨ ᠮᠠᠬᠠᠪᠣᠳ ᠢ᠋ᠶ᠋ᠠᠷ ᠲᠥᠷᠦᠯᠵᠢᠭᠦᠯᠦᠨ ᠬᠥᠬᠡᠷᠡᠨ ᠨᠣᠭᠣᠭᠠᠷᠠᠵᠤ᠂ ᠤᠷᠭᠤᠵᠤ ᠳᠡᠯᠭᠡᠷᠡᠬᠦ ᠦᠵᠡᠭᠳᠡᠯ ᠢ᠋ ᠬᠥᠬᠡ ᠬᠥᠬᠡᠭᠴᠢᠨ ᠥᠩᠭᠡ ᠪᠡᠷ ᠲᠥᠯᠥᠭᠡᠯᠡᠨ ᠳᠣᠷᠣᠨ᠎ᠠ ᠵᠦᠭ ᠦ᠋ᠨ ᠮᠣᠳᠣᠨ ᠮᠠᠬᠠᠪᠣᠳ ᠭᠡᠮᠡᠨ ᠠᠩᠭᠢᠯᠠᠵᠤ᠂ ᠤᠯᠠᠢᠵᠤ ᠳᠦᠷᠡᠯᠵᠡᠨ ᠭᠡᠷᠡᠯ ᠢᠯᠴᠢ ᠡᠭᠦᠰᠬᠦ ᠡᠷᠳᠡᠮ ᠢ᠋ ᠤᠯᠠᠭᠠᠨ ᠤᠯᠠᠭᠴᠢᠨ ᠢ᠋ᠶ᠋ᠠᠷ ᠲᠥᠯᠥᠭᠡᠯᠡᠨ᠂ ᠡᠮᠦᠨ᠎ᠡ ᠵᠦᠭ ᠦ᠋ᠨ ᠭᠠᠯ ᠤ᠋ᠨ ᠮᠠᠬᠠᠪᠣᠳ ᠭᠡᠮᠡᠨ ᠠᠩᠭᠢᠯᠠᠵᠤ᠂ ᠰᠢᠷ᠎ᠠ ᠪᠣᠷᠣ ᠬᠥᠷᠥᠰᠥ ᠪᠡᠷ ᠰᠢᠮᠡᠵᠢᠭᠦᠯᠵᠦ ᠤᠷᠭᠤᠭᠤᠯᠬᠤ ᠡᠷᠳᠡᠮ ᠢ᠋ ᠰᠢᠷ᠎ᠠ ᠰᠢᠷᠠᠭᠴᠢᠨ ᠢ᠋ᠶ᠋ᠠᠷ ᠲᠥᠯᠥᠭᠡᠯᠡᠨ ᠳᠥᠷᠪᠡᠨ ᠵᠣᠪᠬᠢᠰ ᠤ᠋ᠨ ᠰᠢᠷᠣᠢ ᠶ᠋ᠢᠨ ᠮᠠᠬᠠᠪᠣᠳ ᠢ᠋ᠶ᠋ᠠᠷ ᠠᠩᠭᠢᠯᠠᠵᠤ᠂ ᠴᠠᠢᠪᠤᠷ ᠴᠠᠭᠠᠨ ᠭᠢᠯᠲᠠᠭᠠᠨᠠᠬᠤ ᠣᠭᠲᠣᠯᠵᠤ ᠲᠠᠰᠤᠯᠬᠤ ᠡᠷᠳᠡᠮ ᠢ᠋ ᠴᠠᠭᠠᠨ ᠴᠠᠭᠠᠭᠴᠢᠨ ᠢ᠋ᠶ᠋ᠠᠷ ᠲᠥᠯᠥᠭᠡᠯᠡᠨ᠂ ᠪᠠᠷᠠᠭᠤᠨ ᠵᠦᠭ ᠦ᠋ᠨ ᠲᠡᠮᠦᠷ ᠦ᠋ᠨ ᠮᠠᠬᠠᠪᠣᠳ ᠲᠤ᠌ ᠠᠩᠭᠢᠯᠠᠵᠤ᠂ ᠮᠤᠷᠤᠢ ᠰᠠᠷᠤᠢ ᠪᠠᠷ ᠬᠠᠯᠠᠰᠢᠷᠠᠵᠤ ᠴᠥᠬᠥᠷᠡᠬᠦ ᠦᠭᠡᠢ ᠪᠡᠷ ᠬᠠᠷᠠᠯᠠᠵᠤ ᠤᠷᠤᠰᠬᠤ ᠡᠷᠳᠡᠮ ᠢ᠋ ᠬᠠᠷ᠎ᠠ ᠬᠠᠷᠠᠭᠴᠢᠨ ᠢ᠋ᠶ᠋ᠠᠷ ᠲᠥᠯᠥᠭᠡᠯᠡᠨ᠂ ᠤᠮᠠᠷ᠎ᠠ ᠵᠦᠭ ᠦ᠋ᠨ ᠤᠰᠤᠨ ᠮᠠᠬᠠᠪᠣᠳ ᠲᠤ᠌ ᠠᠩᠭᠢᠯᠠᠵᠤ ᠪᠠᠢᠭᠰᠠᠨ ᠢ᠋ ᠮᠡᠳᠡᠵᠦ ᠪᠣᠯᠤᠨ᠎ᠠ᠃ ᠵᠢᠷᠤᠬᠠᠢ ᠶ᠋ᠢᠨ ᠶᠣᠰᠣᠨ ᠤ᠋ ᠭᠠᠵᠠᠷ ᠤ᠋ᠨ ᠡᠷᠬᠡᠲᠡᠨ ᠦ᠌ ᠠᠷᠪᠠᠨ ᠬᠣᠶᠠᠷ ᠵᠢᠯ ᠢ᠋ ᠣᠷᠣᠰᠢᠬᠤ ᠣᠷᠣᠨ ᠪᠠᠢᠷᠢ ᠪᠠ ᠰᠠᠷ᠎ᠠ ᠶ᠋ᠢᠨ ᠡᠵᠡᠯᠡᠭᠴᠢ ᠶ᠋ᠢᠨ ᠶᠣᠰᠣᠭᠠᠷ ᠠᠩᠭᠢᠯᠠᠵᠤ ᠵᠡᠭᠦᠨ ᠵᠦᠭ ᠲᠦ᠍ ᠣᠷᠣᠰᠢᠭᠰᠠᠨ ᠪᠠᠷᠰ (ᠴᠠᠭᠠᠨ ᠰᠠᠷ᠎ᠠ) ᠲᠠᠤᠯᠠᠢ (ᠬᠣᠶᠠᠷ ᠰᠠᠷ᠎ᠠ) ᠶ᠋ᠢ ᠮᠣᠳᠣᠨ ᠮᠠᠬᠠᠪᠣᠳ ᠭᠡᠮᠡᠨ᠂ ᠡᠮᠦᠨ᠎ᠡ ᠵᠦᠭ ᠲᠦ᠍ ᠣᠷᠣᠰᠢᠭᠰᠠᠨ ᠮᠣᠭᠠᠢ (ᠳᠥᠷᠪᠡᠨ ᠰᠠᠷ᠎ᠠ) ᠮᠣᠷᠢ (ᠲᠠᠪᠤᠨ ᠰᠠᠷ᠎ᠠ) ᠶ᠋ᠢ ᠭᠠᠯ ᠮᠠᠬᠠᠪᠣᠳ ᠭᠡᠮᠡᠨ᠂ ᠪᠠᠷᠠᠭᠤᠨ ᠵᠦᠭ ᠲᠦ᠍ ᠣᠷᠣᠰᠢᠭᠰᠠᠨ ᠪᠡᠴᠢ (ᠳᠣᠯᠣᠭᠠᠨ ᠰᠠᠷ᠎ᠠ) ᠲᠠᠬᠢᠶ᠎ᠠ (ᠨᠠᠢ᠍ᠮᠠᠨ ᠰᠠᠷ᠎ᠠ) ᠶ᠋ᠢ ᠲᠡᠮᠦᠷ ᠮᠠᠬᠠᠪᠣᠳ ᠭᠡᠮᠡᠨ᠂ ᠤᠮᠠᠷ᠎ᠠ ᠵᠦᠭ ᠲᠦ᠍ ᠪᠠᠢᠷᠢᠰᠢᠭᠰᠠᠨ ᠭᠠᠬᠠᠢ (ᠠᠷᠪᠠᠨ ᠰᠠᠷ᠎ᠠ) ᠬᠤᠯᠤᠭᠠᠨ᠎ᠠ (ᠠᠷᠪᠠᠨ ᠨᠢᠭᠡ ᠰᠠᠷ᠎ᠠ) ᠶ᠋ᠢ ᠤᠰᠤᠨ ᠮᠠᠬᠠᠪᠣᠳ ᠭᠡᠮᠡᠨ᠂ ᠳᠥᠷᠪᠡᠨ ᠵᠣᠪᠬᠢᠰ ᠲᠤ᠌ ᠣᠷᠣᠰᠢᠭᠰᠠᠨ ᠯᠤᠤ  (ᠭᠤᠷᠪᠠᠨ ᠰᠠᠷ᠎ᠠ) ᠬᠣᠨᠢ (ᠵᠢᠷᠭᠤᠳᠤᠭᠠᠷ ᠰᠠᠷ᠎ᠠ) ᠨᠣᠬᠠᠢ (ᠶᠢᠰᠦᠳᠦᠭᠡᠷ ᠰᠠᠷ᠎ᠠ) ᠦᠬᠡᠷ (ᠠᠷᠪᠠᠨ ᠬᠣᠶᠠᠳᠤᠭᠠᠷ ᠰᠠᠷ᠎ᠠ) ᠶ᠋ᠢ ᠰᠢᠷᠣᠢ ᠶ᠋ᠢᠨ ᠮᠠᠬᠠᠪᠣᠳ ᠭᠡᠮᠡᠨ ᠬᠠᠷᠢᠶᠠᠯᠠᠭᠤᠯᠤᠭᠰᠠᠨ ᠪᠢᠯᠡ᠃ ᠡᠨᠡ ᠬᠣᠷᠸ᠎ᠠ ᠳ᠋ᠤ᠌ ᠬᠥᠮᠦᠨ ᠦ᠌ ᠪᠡᠶ᠎ᠡ ᠨᠢ ᠡᠬᠡ ᠶ᠋ᠢᠨ ᠤᠮᠠᠢ ᠠ᠋ᠴᠠ ᠤᠨᠠᠵᠤ᠂ 《ᠠ》 ᠭᠡᠵᠦ ᠠᠩᠬ᠎ᠠ ᠤᠬᠢᠯᠠᠬᠤ ᠳᠠᠭᠤᠨ ᠡᠭᠦᠰᠦᠭᠰᠡᠨ ᠲᠡᠷᠡ ᠠᠭᠱᠠᠨ ᠤ᠋ ᠳᠥᠷᠪᠡᠨ ᠴᠠᠭ᠂ ᠳᠠᠷᠤᠢ ᠵᠢᠯ᠂ ᠰᠠᠷ᠎ᠠ᠂ ᠡᠳᠦᠷ᠂ ᠴᠠᠭ ᠢ᠋ ᠲᠡᠭᠷᠢ ᠶ᠋ᠢᠨ ᠡᠰᠢ᠂ ᠭᠠᠵᠠᠷ ᠤ᠋ᠨ ᠡᠷᠬᠡᠲᠡᠨ ᠡᠴᠡ  ᠲᠤᠰ ᠲᠤᠰ ᠨᠢᠭᠡ ᠡᠰᠢ ᠡᠷᠬᠡᠲᠡᠨ ᠢ᠋ ᠠᠪᠴᠤ ᠲᠡᠮᠳᠡᠭᠯᠡᠳᠡᠭ᠂ ᠡᠭᠦᠨ ᠢ᠋ ᠳᠠᠷᠤᠢ ᠵᠢᠷᠠᠨ ᠵᠢᠰᠦ ᠶ᠋ᠢᠨ ᠲᠡᠮᠳᠡᠭᠯᠡᠯ ᠭᠡᠳᠡᠭ᠃ ᠡᠢᠮᠦ ᠡᠴᠡ ᠬᠥᠮᠦᠨ ᠪᠦᠷᠢ ᠳ᠋ᠦ᠍ ᠨᠠᠢ᠍ᠮᠠᠨ ᠲᠡᠮᠳᠡᠭ ᠦᠰᠦᠭ ᠢ᠋ᠶ᠋ᠡᠷ ᠪᠦᠷᠢᠯᠳᠦᠭᠰᠡᠨ ᠲᠥᠷᠥᠭᠰᠡᠨ ᠴᠠᠭ ᠤ᠋ᠨ ᠨᠠᠢ᠍ᠮᠠᠨ ᠦᠰᠦᠭ ( ᠡᠯ1 1ᠯ ) ᠪᠠᠢᠳᠠᠭ᠃ ᠡᠭᠦᠨ ᠢ᠋ ᠲᠦᠮᠡᠨ ᠣᠨ ᠤ᠋ ᠬᠤᠸᠠᠩᠯᠢ ᠪᠤᠶᠤ ᠣᠯᠠᠨ ᠵᠢᠯ ᠦ᠋ᠨ ᠴᠠᠭ ᠤᠯᠠᠷᠢᠯ ᠤ᠋ᠨ ᠪᠢᠴᠢᠭ ( 2 ᠯ ) ᠡᠴᠡ ᠡᠷᠢᠵᠦ ᠲᠡᠮᠳᠡᠭᠯᠡᠨ᠂ ᠡᠨᠡ ᠬᠦ᠌ ᠨᠠᠢ᠍ᠮᠠᠨ ᠦᠰᠦᠭ ᠦ᠋ᠨ ᠲᠠᠪᠤᠨ ᠮᠠᠬᠠᠪᠣᠳ ᠤ᠋ᠨ ᠬᠠᠷᠢᠴᠠᠭ᠎ᠠ ᠪᠠᠷ ᠬᠥᠮᠦᠨ ᠦ᠌ ᠪᠡᠶ᠎ᠡ ᠶ᠋ᠢᠨ ᠦᠬᠦᠵᠦ ᠲᠥᠷᠥᠵᠦ᠂ ᠡᠪᠡᠳᠴᠢᠯᠡᠵᠦ ᠡᠳᠡᠭᠡᠷᠡᠬᠦ᠂ ᠢᠯᠡᠷᠡᠭᠡᠳᠦᠢ ᠡᠪᠡᠳᠴᠢᠨ (ᠬᠤᠷᠠᠵᠤ ᠪᠠᠢᠭ᠎ᠠ ᠱᠠᠲᠤ) ᠶ᠋ᠢ ᠣᠨᠣᠰᠢᠯᠠᠬᠤ᠂ ᠤᠭᠲᠤᠵᠤ ᠵᠠᠰᠠᠬᠤ ᠵᠡᠷᠭᠡ ᠶ᠋ᠢ 《ᠲᠣᠭ᠎ᠠ ᠪᠣᠳᠣᠯᠭ᠎ᠠ ᠶ᠋ᠢᠨ ᠲᠣᠮᠢᠶ᠎ᠠ ᠮᠡᠲᠦ》 ᠪᠡᠷ ᠪᠣᠳᠣᠵᠤ ᠪᠡᠯᠭᠡᠳᠡᠵᠦ ᠰᠤᠪᠢᠵᠤ ᠲᠣᠭᠠᠴᠠᠳᠠᠭ᠃ ᠮᠣᠩᠭᠣᠯ ᠠᠨᠠᠭᠠᠬᠤ ᠤᠬᠠᠭᠠᠨ ᠤ᠋ ᠬᠠᠷ᠎ᠠ ᠵᠢᠷᠤᠬᠠᠢ ᠶ᠋ᠢᠨ ᠤᠬᠠᠭᠠᠨ ᠤ᠋ ᠲᠠᠪᠤᠨ ᠮᠠᠬᠠᠪᠣᠳ ᠤ᠋ᠨ ᠬᠡᠰᠡᠭ ᠲᠦ᠍ ᠭᠠᠯ ᠮᠠᠬᠠᠪᠣᠳ ᠢ᠋ᠶ᠋ᠠᠷ ᠢᠯᠴᠢ ᠶ᠋ᠢ ᠡᠭᠦᠰᠬᠡᠵᠦ ᠤᠰᠤᠨ ᠮᠠᠬᠠᠪᠣᠳ ᠢ᠋ᠶ᠋ᠠᠷ ᠴᠢᠭᠢᠭᠲᠦᠭᠦᠯᠵᠦ ᠠᠮᠢᠳᠤᠷᠠᠭᠤᠯᠤᠨ᠎ᠠ ᠭᠡᠳᠡᠭ ᠶᠦ᠍ᠮ᠃ ᠳᠠᠷᠤᠢ ᠤᠰᠤ ᠲᠡᠰᠦᠷᠡᠪᠡᠯ ᠬᠣᠷᠸ᠎ᠠ ᠶᠡᠭᠦᠷᠡᠨ᠎ᠡ ᠂ ᠮᠠᠬᠠᠪᠣᠳ ᠰᠦᠢᠷᠡᠨ᠎ᠡ ᠂ ᠬᠥᠮᠦᠨ ᠦᠬᠦᠨ᠎ᠡ ᠭᠡᠰᠡᠨ ᠤᠳᠬ᠎ᠠ ᠲᠠᠢ᠃  
       ᠳᠣᠣᠷ᠎ᠠ ᠪᠢᠳᠡ ᠣᠯᠠᠨ ᠤ᠋ ᠮᠡᠳᠡᠳᠡᠭ ᠨᠡᠷᠡᠲᠦ ᠬᠥᠮᠦᠰ ᠢ᠋ᠶ᠋ᠡᠷ ᠵᠢᠱ᠌ᠢᠶᠡᠯᠡᠪᠡᠯ᠄ 
3.1 ᠵᠢᠱ᠌ᠢᠶ᠎ᠡ [1] 
ᠵᠣ᠌ ᠶᠤᠸᠠᠨ ᠵᠠᠩ ᠂ 1328. 10. 21 ( ᠰᠢᠷ᠎ᠠ ᠯᠤᠤ ᠵᠢᠯ᠂ ᠬᠠᠷ᠎ᠠ ᠨᠣᠬᠠᠢ ᠰᠠᠷ᠎ᠠ᠂ ᠤᠯᠠᠭᠴᠢᠨ ᠦᠬᠡᠷ ᠡᠳᠦᠷ᠂ ᠤᠯᠠᠭᠴᠢᠨ ᠬᠣᠨᠢ ᠴᠠᠭ ) — —1398. 6. 24 ( ᠰᠢᠷ᠎ᠠ ᠪᠠᠷᠰ ᠵᠢᠯ᠂ ᠰᠢᠷ᠎ᠠ ᠮᠣᠷᠢ ᠰᠠᠷ᠎ᠠ ᠦᠬᠦᠪᠡ )᠃ ᠡᠰᠢ ᠡᠷᠬᠡᠲᠡᠨ ᠢ᠋ ᠲᠠᠪᠤᠨ ᠮᠠᠬᠠᠪᠣᠳ ᠢ᠋ᠶ᠋ᠠᠷ ᠲᠣᠭᠠᠴᠠᠪᠠᠯ᠄ 
ᠰᠢᠷ᠎ᠠ ( ᠰᠢᠷᠣᠢ ) ᠯᠤᠤ ( ᠰᠢᠷᠣᠢ ) 
ᠬᠠᠷ᠎ᠠ ( ᠤᠰᠤ ) ᠨᠣᠬᠠᠢ ( ᠰᠢᠷᠣᠢ ) 
ᠤᠯᠠᠭᠴᠢᠨ ( ᠭᠠᠯ ) ᠦᠬᠡᠷ ( ᠰᠢᠷᠣᠢ ) 
ᠤᠯᠠᠭᠴᠢᠨ( ᠭᠠᠯ ) ᠬᠣᠨᠢ ( ᠰᠢᠷᠣᠢ ) 
※ᠡᠨᠡ ᠬᠦ᠌ 《ᠬᠣᠷᠸ᠎ᠠ》 ᠳ᠋ᠤ᠌ ᠲᠥᠷᠥᠯᠬᠢ ᠲᠠᠪᠤᠨ ᠰᠢᠷᠣᠢ ᠵᠤᠵᠠᠭᠠᠷᠠᠵᠤ ᠤᠰᠤ ᠶ᠋ᠢ ᠬᠣᠣᠷᠯᠠᠵᠤ ᠪᠠᠢᠬᠤ ᠳ᠋ᠤ᠌ ᠣᠨ ᠰᠠᠷ᠎ᠠ ᠤᠯᠠᠷᠢᠭᠰᠠᠭᠠᠷ ᠰᠢᠷ᠎ᠠ ( ᠰᠢᠷᠣᠢ ) ᠪᠠᠷᠰ ( ᠮᠣᠳᠣ ) ᠵᠢᠯ᠂ ᠮᠣᠳᠣ ᠨᠢ ᠤᠰᠤᠨ ᠤ᠋ ᠰᠢᠮ᠎ᠡ ᠶ᠋ᠢ ᠠᠪᠴᠤ᠂ ᠰᠢᠷ᠎ᠠ ᠮᠣᠷᠢ ᠰᠠᠷ᠎ᠠ ᠶ᠋ᠢᠨ ᠰᠢᠷᠣᠢ ᠶ᠋ᠢᠨ ᠬᠦᠴᠦ ᠨᠢ ᠬᠡᠲᠦᠷᠡᠵᠦ ᠤᠰᠤ ᠶ᠋ᠢ ᠬᠣᠣᠷᠯᠠᠨ᠂ ᠤᠰᠤ ᠰᠢᠷᠭᠢᠵᠦ ( ᠰᠡᠵᠢᠭ ᠲᠠᠭᠠᠮᠠᠭᠯᠠᠯ ᠬᠡᠲᠦᠷᠡᠵᠦ᠂ ᠰᠡᠭᠦᠳᠡᠷ ᠡᠴᠡ ᠪᠡᠨ ᠨᠠᠳᠬᠤᠵᠤ ᠪᠠᠢᠭᠰᠠᠭᠠᠷ ) ᠦᠬᠦᠪᠡ᠃ 
3.2 ᠵᠢᠱ᠌ᠢᠶ᠎ᠡ [2] 
ᠶᠤᠸᠠᠨ ᠱᠢ ᠺᠠᠢ᠂ 1859.9.16 (ᠰᠢᠷᠠᠭᠴᠢᠨ ᠬᠣᠨᠢ ᠵᠢᠯ᠂ ᠬᠠᠷᠠᠭᠴᠢᠨ ᠲᠠᠬᠢᠶ᠎ᠠ ᠰᠠᠷ᠎ᠠ ᠤᠯᠠᠭᠴᠢᠨ ᠮᠣᠭᠠᠢ ᠡᠳᠦᠷ᠂ ᠤᠯᠠᠭᠴᠢᠨ ᠬᠣᠨᠢ ᠴᠠᠭ᠂ ᠾᠧᠨᠠᠨ ᠤ᠋  ᠰᠢᠶᠠᠩ ᠴᠧᠩ ᠳ᠋ᠦ᠍ ᠲᠥᠷᠥᠪᠡ) —1916 .6. 6 (ᠤᠯᠠᠭᠠᠨ ᠯᠤᠤ ᠵᠢᠯ᠂ ᠬᠥᠬᠡ ᠮᠣᠷᠢ ᠰᠠᠷ᠎ᠠ᠂ ᠬᠥᠬᠡ ᠨᠣᠬᠠᠢ ᠡᠳᠦᠷ ᠦᠬᠦᠪᠡ ) ᠡᠰᠢ ᠡᠷᠬᠡᠲᠡᠨ ᠢ᠋ ᠲᠠᠪᠤᠨ ᠮᠠᠬᠠᠪᠣᠳ ᠢ᠋ᠶ᠋ᠠᠷ ᠲᠣᠭᠠᠴᠠᠪᠠᠯ᠄ 
ᠰᠢᠷᠠᠭᠴᠢᠨ (ᠰᠢᠷᠣᠢ) ᠬᠣᠨᠢ (ᠰᠢᠷᠣᠢ) 
ᠬᠠᠷᠠᠭᠴᠢᠨ (ᠤᠰᠤ) ᠲᠠᠬᠢᠶ᠎ᠠ (ᠲᠡᠮᠦᠷ) 
ᠤᠯᠠᠭᠴᠢᠨ (ᠭᠠᠯ ᠮᠣᠭᠠᠢ (ᠭᠠᠯ) 
ᠤᠯᠠᠭᠴᠢᠨ (ᠭᠠᠯ) ᠬᠣᠨᠢ (ᠰᠢᠷᠣᠢ) 
※ᠡᠨᠡ ᠬᠦ᠌ 《ᠬᠣᠷᠸ᠎ᠠ》 ᠳ᠋ᠤ᠌ ᠲᠥᠷᠥᠯᠬᠢ ᠰᠢᠷᠣᠢ ᠵᠤᠵᠠᠭᠠᠷᠠᠵᠤ ᠲᠡᠮᠦᠷ ᠪᠤᠯᠠᠰᠢᠯᠠᠭᠳᠠᠵᠤ ᠤᠰᠤ ᠰᠢᠷᠭᠢᠬᠦ ᠲᠡᠮᠳᠡᠭ ᠲᠡᠢ᠂ ᠣᠨ ᠰᠠᠷ᠎ᠠ ᠤᠯᠠᠷᠢᠭᠰᠠᠭᠠᠷ ᠤᠯᠠᠭᠠᠨ ᠯᠤᠤ ᠵᠢᠯ᠂ ᠬᠥᠬᠡ ᠮᠣᠷᠢ ᠰᠠᠷ᠎ᠠ᠂ ᠬᠥᠬᠡ ᠨᠣᠬᠠᠢ ᠡᠳᠦᠷ ᠪᠣᠯᠬᠤ ᠳ᠋ᠤ᠌ ᠰᠢᠷᠣᠢ ᠶ᠋ᠢᠨ ᠬᠦᠴᠦᠨ ᠨᠢᠭᠡᠮᠦᠰᠦᠨ ᠬᠡᠲᠦᠷᠡᠵᠦ ᠲᠡᠮᠦᠷ ᠪᠤᠯᠠᠰᠢᠯᠠᠭᠳᠠᠵᠤ᠂ ᠤᠰᠤᠨ ᠤ᠋ ᠰᠤᠷᠪᠤᠯᠵᠢ ᠲᠠᠰᠤᠷᠠᠵᠤ(ᠲᠡᠦᠬᠡᠨ ᠬᠦᠷᠳᠦ ᠶ᠋ᠢ ᠤᠬᠤᠷᠢᠭᠤᠯᠤᠨ᠂ ᠨᠠᠶᠠᠨ ᠨᠢᠭᠡᠨ ᠡᠳᠦᠷ ᠬᠠᠭᠠᠨ ᠰᠠᠭᠤᠵᠤ ᠲᠦᠮᠡ ᠪᠣᠮᠡᠨ ᠦ᠌ ᠡᠰᠡᠷᠭᠦᠴᠡᠯ ᠳᠤᠮᠳᠠ ᠰᠡᠳᠬᠢᠯ ᠵᠣᠪᠠᠭᠰᠠᠭᠠᠷ) ᠂ ᠰᠢᠬᠢᠷ ᠰᠢᠵᠢᠩ ᠡᠪᠡᠳᠴᠢᠨ ᠬᠦᠨᠳᠦᠷᠡᠵᠦ ᠪᠥᠭᠡᠷᠡᠨ ᠦ᠌ ᠠᠷᠬᠠᠭ ᠢ᠋ᠶ᠋ᠠᠷ ᠦᠬᠦᠪᠡ᠃ 
3.3 ᠵᠢᠱ᠌ᠢᠶ᠎ᠡ [3] 
ᠵᠠᠩ ᠽᠦᠸ᠋ᠸ ᠯᠢᠨ ᠂ 1875.3.19 ( ᠬᠥᠬᠡᠭᠴᠢᠨ ᠭᠠᠬᠠᠢ ᠵᠢᠯ᠂ ᠰᠢᠷᠠᠭᠴᠢᠨ ᠲᠠᠤᠯᠠᠢ ᠰᠠᠷ᠎ᠠ᠂ ᠴᠠᠭᠠᠨ ᠯᠤᠤ ᠡᠳᠦᠷ᠂ ᠤᠯᠠᠭᠴᠢᠨ ᠦᠬᠡᠷ ᠴᠠᠭ ) — 1928.6.4 (ᠰᠢᠷ᠎ᠠ ᠯᠤᠤ ᠵᠢᠯ᠂ ᠤᠯᠠᠭᠴᠢᠨ ᠮᠣᠭᠠᠢ ᠰᠠᠷ᠎ᠠ ᠦᠬᠦᠪᠡ )᠃ ᠡᠰᠢ ᠡᠷᠬᠡᠲᠡᠨ ᠢ᠋ ᠲᠠᠪᠤᠨ ᠮᠠᠬᠠᠪᠣᠳ ᠢ᠋ᠶ᠋ᠠᠷ ᠲᠣᠭᠠᠴᠠᠪᠠᠯ᠄ 
ᠬᠥᠬᠡᠭᠴᠢᠨ (ᠮᠣᠳᠣ) ᠭᠠᠬᠠᠢ (ᠤᠰᠤ) 
ᠰᠢᠷᠠᠭᠴᠢᠨ (ᠰᠢᠷᠣᠢ) ᠲᠠᠤᠯᠠᠢ (ᠮᠣᠳᠣ) 
ᠴᠠᠭᠠᠨ (ᠲᠡᠮᠦᠷ) ᠯᠤᠤ (ᠰᠢᠷᠣᠢ) 
ᠤᠯᠠᠭᠴᠢᠨ (ᠭᠠᠯ) ᠦᠬᠡᠷ (ᠰᠢᠷᠣᠢ) 
※  ᠡᠨᠡ ᠬᠦ᠌ 《ᠬᠣᠷᠸ᠎ᠠ》 ᠳ᠋ᠤ᠌ ᠲᠥᠷᠥᠯᠬᠢ ᠭᠤᠷᠪᠠᠨ ᠰᠢᠷᠣᠢ ᠵᠤᠵᠠᠭᠠᠷᠠᠵᠤ ᠤᠰᠤ ᠶ᠋ᠢ ᠬᠣᠣᠷᠯᠠᠵᠤ ᠪᠠᠢᠬᠤ ᠳ᠋ᠤ᠌ ᠣᠨ ᠰᠠᠷ᠎ᠠ ᠤᠯᠠᠷᠢᠭᠰᠠᠭᠠᠷ ᠰᠢᠷ᠎ᠠ ᠯᠤᠤ ᠵᠢᠯ ᠦ᠋ᠨ ᠰᠢᠷᠣᠢ ᠶ᠋ᠢᠨ ᠬᠦᠴᠦ ᠨᠡᠮᠡᠭᠳᠡᠵᠦ ᠤᠰᠤ ᠶ᠋ᠢ ᠬᠣᠣᠷᠯᠠᠨ ᠤᠰᠤ ᠰᠢᠷᠭᠢᠵᠦ ( ᠴᠡᠷᠢᠭ ᠳᠠᠷᠤᠭᠳᠠᠨ ᠪᠤᠷᠤᠭᠤᠯᠠᠬᠤ ᠵᠠᠮ ᠳ᠋ᠤ᠌ ᠪᠠᠨ ᠳᠡᠯᠪᠡᠴᠢᠭᠳᠡᠨ ) ᠦᠬᠦᠪᠡ᠃ 
3.4 ᠵᠢᠱ᠌ᠢᠶ᠎ᠡ [4]  
ᠵᠠᠩ ᠰᠢᠤᠸ᠋ᠸ ᠯᠢᠶᠠᠩ ᠂ 1901 .4 .17 ᠴᠠᠭᠠᠭᠴᠢᠨ ᠦᠬᠡᠷ ᠵᠢᠯ᠂ ᠬᠠᠷᠠᠭᠴᠢᠨ ᠮᠣᠭᠠᠢ ᠰᠠᠷ᠎ᠠ᠂ ᠬᠠᠷ᠎ᠠ ᠬᠤᠯᠤᠭᠠᠨ᠎ᠠ ᠡᠳᠦᠷ᠂ ᠴᠠᠭᠠᠨ ᠬᠤᠯᠤᠭᠠᠨ᠎ᠠ ᠴᠠᠭ ᠲᠥᠷᠥᠪᠡ ; 2001 .10. 15 (ᠴᠠᠭᠠᠭᠴᠢᠨ ᠮᠣᠭᠠᠢ ᠵᠢᠯ᠂ ᠰᠢᠷᠠᠭᠴᠢᠨ ᠭᠠᠬᠠᠢ ᠰᠠᠷ᠎ᠠ᠂ ᠤᠯᠠᠭᠠᠨ ᠪᠡᠴᠢ ᠡᠳᠦᠷ ) ᠦᠬᠦᠪᠡ᠃ ᠡᠰᠢ ᠡᠷᠬᠡᠲᠡᠨ ᠢ᠋ ᠲᠠᠪᠤᠨ ᠮᠠᠬᠠᠪᠣᠳ ᠢ᠋ᠶ᠋ᠠᠷ ᠲᠣᠭᠠᠴᠠᠪᠠᠯ᠄ 
ᠴᠠᠭᠠᠭᠴᠢᠨ (ᠲᠡᠮᠦᠷ) ᠦᠬᠡᠷ (ᠰᠢᠷᠣᠢ) 
ᠬᠠᠷᠠᠭᠴᠢᠨ (ᠤᠰᠤ) ᠮᠣᠭᠠᠢ (ᠭᠠᠯ) 
ᠬᠠᠷ᠎ᠠ (ᠤᠰᠤ)ᠬᠤᠯᠤᠭᠠᠨ᠎ᠠ (ᠤᠰᠤ) 
ᠴᠠᠭᠠᠨ (ᠲᠡᠮᠦᠷ) ᠬᠤᠯᠤᠭᠠᠨ᠎ᠠ (ᠤᠰᠤ) 
※《 ᠡᠨᠡ 《ᠬᠣᠷᠸ᠎ᠠ》 ᠳ᠋ᠤ᠌ ᠲᠥᠷᠥᠯᠬᠢ ᠤᠰᠤᠨ ᠮᠠᠬᠠᠪᠣᠳ ᠣᠯᠠᠨ ( 4 ᠤᠰᠤ) ᠮᠥᠷᠲᠡᠭᠡᠨ ᠲᠡᠮᠦᠷ ᠨᠢ ᠤᠰᠤᠨ ᠤ᠋ ᠰᠤᠷᠪᠤᠯᠵᠢ ᠪᠣᠯᠬᠣᠷ ᠲᠠᠰᠤᠷᠠᠬᠤ ᠳ᠋ᠤ᠌ ᠪᠡᠷᠬᠡ᠂ ᠵᠠᠭᠤ ᠭᠠᠷᠤᠢ ᠨᠠᠰᠤᠯᠠᠪᠠ᠂ ᠴᠠᠭᠠᠭᠴᠢᠨ ᠮᠣᠭᠠᠢ ᠵᠢᠯ᠂ ᠰᠢᠷᠠᠭᠴᠢᠨ ᠭᠠᠬᠠᠢ ᠰᠠᠷ᠎ᠠ᠂ ᠤᠯᠠᠭᠠᠨ ᠪᠠᠴᠢ ᠡᠳᠦᠷ ᠲᠦ᠍ ᠤᠰᠤᠨ ᠤ᠋ ᠰᠤᠷᠪᠤᠯᠵᠢ ᠲᠡᠮᠦᠷ ᠲᠠᠰᠤᠷᠠᠵᠤ ᠠᠭᠤᠰᠬᠢᠨ ᠦᠷᠪᠢᠰᠦᠯ ᠢ᠋ᠶ᠋ᠡᠷ ᠦᠬᠦᠪᠡ᠃ 
3.5 ᠵᠢᠱ᠌ᠢᠶ᠎ᠡ [5]   
ᠫᠦ ᠢ ᠬᠠᠭᠠᠨ 1906 ᠣᠨ (ᠤᠯᠠᠭᠠᠨ ᠮᠣᠷᠢ ᠵᠢᠯ ) ᠦ᠋ᠨ ᠴᠠᠭᠠᠨ ᠰᠠᠷ᠎ᠠ ᠶ᠋ᠢᠨ ᠠᠷᠪᠠᠨ ᠳᠥᠷᠪᠡᠨ (ᠴᠠᠭᠠᠨ ᠪᠠᠷᠰ ᠰᠠᠷ᠎ᠠ᠂ ᠬᠠᠷ᠎ᠠ ᠮᠣᠷᠢ ᠡᠳᠦᠷ) ᠦ᠋ᠨ ᠮᠣᠷᠢ ᠴᠠᠭ ᠲᠤ᠌ ᠪᠡᠭᠡᠵᠢᠩ ᠳ᠋ᠦ᠍ ᠲᠥᠷᠥᠪᠡ ᠃ 1967 ᠣᠨ (ᠤᠯᠠᠭᠴᠢᠨ ᠬᠣᠨᠢᠨ ᠵᠢᠯ) ᠳ᠋ᠦ᠍ ᠨᠠᠰᠤ ᠪᠠᠷᠠᠪᠠ ᠃ ᠡᠰᠢ ᠡᠷᠬᠡᠲᠡᠨ ᠢ᠋ ᠲᠠᠪᠤᠨ ᠮᠠᠬᠠᠪᠣᠳ ᠢ᠋ᠶ᠋ᠠᠷ ᠲᠣᠭᠠᠴᠠᠪᠠᠯ᠄ 
ᠤᠯᠠᠭᠠᠨ (ᠭᠠᠯ) ᠮᠣᠷᠢ (ᠭᠠᠯ) 
ᠴᠠᠭᠠᠨ (ᠲᠡᠮᠦᠷ) ᠪᠠᠷᠰ (ᠮᠣᠳᠣ) 
ᠬᠠᠷ᠎ᠠ (ᠤᠰᠤ )ᠮᠣᠷᠢ (ᠭᠠᠯ) 
ᠤᠯᠠᠭᠠᠨ (ᠭᠠᠯ) ᠮᠣᠷᠢ (ᠭᠠᠯ) 》
《 ᠡᠨᠡ ᠬᠦ᠌ 《ᠬᠣᠷᠸ᠎ᠠ》 ᠳ᠋ᠤ᠌ ᠲᠥᠷᠥᠯᠬᠢ ᠭᠠᠯ ᠮᠠᠬᠠᠪᠣᠳ ᠣᠯᠠᠨ (5 ᠭᠠᠯ ) ᠤᠰᠤᠨ ᠮᠠᠬᠠᠪᠣᠳ ᠨᠢᠭᠡ ᠪᠠᠢᠵᠤ᠂ ᠤᠯᠠᠭᠠᠨ ᠭᠠᠯ ᠳᠦᠷᠡᠯᠵᠡᠵᠦ ᠤᠰᠤ ᠰᠢᠷᠭᠢᠬᠦ ᠠᠶᠤᠯ ᠲᠠᠢ᠂ ᠣᠨ ᠰᠠᠷ᠎ᠠ ᠤᠯᠠᠷᠢᠭᠰᠠᠭᠠᠷ ᠤᠯᠠᠭᠴᠢᠨ ᠬᠣᠨᠢᠨ ᠵᠢᠯ ᠪᠣᠯᠬᠤ ᠳ᠋ᠤ᠌ 6 ᠭᠠᠯ ᠨᠢ ᠲᠡᠮᠦᠷ ᠢ᠋ ᠬᠠᠢᠯᠤᠭᠤᠯᠵᠤ᠂ ᠤᠰᠤᠨ ᠤ᠋ ᠰᠤᠷᠪᠤᠯᠵᠢ ᠲᠠᠰᠤᠷᠠᠨ ᠤᠰᠤ ᠰᠢᠷᠭᠢᠵᠦ (ᠰᠣᠶᠣᠯ ᠤ᠋ᠨ ᠬᠤᠪᠢᠰᠬᠠᠯ ᠳ᠋ᠤ᠌ ᠲᠡᠮᠡᠴᠡᠭᠳᠡᠨ ᠭᠤᠨᠢᠵᠤ ᠭᠤᠲᠤᠷᠠᠵᠤ ᠠᠶᠤᠵᠤ ᠡᠮᠢᠶᠡᠬᠦ ᠳᠠᠪᠬᠤᠴᠠᠨ) ᠂ ᠪᠥᠭᠡᠷᠡᠨ ᠦ᠌ ᠠᠷᠬᠠᠭ ᠢ᠋ᠶ᠋ᠠᠷ ᠨᠠᠰᠤ ᠪᠠᠷᠠᠪᠠ᠃ 

4. ᠶᠠᠷᠢᠯᠴᠠᠭ᠎ᠠ 《ᠳᠤᠮᠳᠠᠳᠤ ᠤᠯᠤᠰ ᠤ᠋ᠨ ᠮᠣᠩᠭᠣᠯ ᠡᠮ ᠡᠮᠨᠡᠯᠭᠡ》 ᠰᠡᠳᠬᠦᠯ ᠦ᠋ᠨ 2022 ᠣᠨ ᠤ᠋ 11 ᠳ᠋ᠦ᠍ᠭᠡᠷ ᠬᠤᠭᠤᠴᠠᠭ᠎ᠠ ᠳ᠋ᠤ᠌ ᠡᠷᠢᠯᠬᠢᠯᠡᠯ ᠪᠤᠯᠤᠩ ᠢ᠋ ᠭᠠᠷᠭᠠᠭᠰᠠᠨ ᠨᠢ ᠨᠠᠳᠠᠳᠤ ᠶᠡᠬᠡ ᠰᠡᠩᠬᠡᠷᠡᠭᠦᠯᠦᠯ ᠪᠣᠯᠵᠤ᠂ ᠨᠢᠭᠡ ᠳ᠋ᠦ᠍ ᠡᠷᠬᠢᠯᠡᠵᠦ ᠪᠠᠢᠭ᠎ᠠ ᠡᠷᠳᠡᠮᠲᠡᠨ ᠪᠠᠭᠰᠢ ᠨᠠᠷ ᠣᠶᠤᠨ ᠲᠠᠷᠢᠬᠢ ᠪᠠᠨ ᠬᠥᠳᠡᠯᠭᠡᠨ᠂ ᠰᠣᠶᠣᠯ ᠤ᠋ᠨ ᠥᠪ ᠢ᠋ ᠠᠭᠤᠳᠠᠯᠬᠤ ᠪᠠᠷ ᠮᠡᠷᠡᠢᠵᠦ ᠪᠠᠢᠬᠤ ᠬᠣᠶᠠᠷ ᠲᠤ᠌ ᠠᠬᠠᠮᠠᠳ ᠪᠠᠭᠰᠢ ᠨᠠᠷ ᠦᠵᠡᠯ ᠰᠠᠨᠠᠭ᠎ᠠ ᠪᠠᠨ ᠴᠢᠯᠥᠭᠡᠯᠡᠵᠦ (ᠡᠷᠳᠡᠮ ᠢ᠋ᠶ᠋ᠡᠨ ᠬᠠᠷᠠᠮᠨᠠᠨ᠂ ᠠᠪᠰᠠᠨ ᠳ᠋ᠤ᠌ ᠪᠠᠨ ᠠᠪᠴᠤ ᠣᠷᠣᠬᠤ) ᠬᠠᠷᠠᠮᠴᠢ ᠬᠠᠪᠴᠢᠭ ᠰᠠᠨᠠᠭ᠎ᠠ ᠶ᠋ᠢ ᠮᠡᠳᠡᠭᠰᠡᠨ ᠰᠣᠨᠣᠰᠤᠭᠰᠠᠨ ᠵᠦᠢᠯ ᠢ᠋ᠶ᠋ᠡᠨ ᠬᠠᠷᠠᠮ ᠦᠭᠡᠢ ᠳᠡᠪᠰᠢᠭᠦᠯᠬᠦ ᠲᠠᠪᠴᠠᠩ ᠲᠠᠢ ᠪᠣᠯᠵᠤ᠂ ᠮᠡᠯᠡᠬᠡᠢ ᠶ᠋ᠢᠨ ᠰᠢᠭᠡᠰᠦ ᠳᠠᠯᠠᠢ ᠳ᠋ᠤ᠌ ᠨᠡᠮᠡᠷᠢᠯᠡᠬᠦ ᠶ᠋ᠢ ᠰᠡᠳᠬᠢᠭᠰᠡᠨ ᠪᠠᠢᠨ᠎ᠠ᠃ ᠤᠯᠠᠮᠵᠢᠯᠠᠯᠲᠤ ᠮᠣᠩᠭᠣᠯ ᠠᠨᠠᠭᠠᠬᠤ ᠤᠬᠠᠭᠠᠨ ᠤ᠋ ᠣᠨᠣᠯ ᠤ᠋ᠨ ᠰᠠᠭᠤᠷᠢ᠂ ᠦᠢᠯᠡᠳᠦᠯᠭᠡ ᠶ᠋ᠢᠨ ᠵᠢᠯᠣᠭᠣᠳᠤᠮᠵᠢ ᠪᠣᠯᠤᠭᠰᠠᠨ ᠵᠢᠷᠤᠬᠠᠢ ᠶ᠋ᠢᠨ ᠤᠬᠠᠭᠠᠨ ᠨᠢ ᠭᠡᠭᠡᠭᠳᠡᠨ ᠣᠷᠬᠢᠭᠳᠠᠵᠤ ᠪᠠᠢᠬᠤ ᠨᠢ ᠮᠠᠰᠢ ᠲᠣᠳᠣᠷᠬᠠᠢ᠂ ᠡᠭᠦᠨ  ᠳ᠋ᠦ᠍ ᠣᠯᠠᠨ ᠵᠦᠢᠯ ᠦ᠋ᠨ ᠰᠢᠯᠲᠠᠭᠠᠨ ᠪᠠᠢᠪᠠᠴᠤ᠂ ᠡᠭᠦᠨ ᠢ᠋ ᠶᠠᠷᠢᠬᠤ ᠦᠭᠡᠢ᠃ ᠭᠠᠷ ᠦᠵᠦᠭᠦᠷ ᠣᠯᠳᠠᠠᠭᠰᠠᠨ ᠮᠣᠩᠭᠣᠯ ᠠᠨᠠᠭᠠᠬᠤ ᠤᠬᠠᠭᠠᠨ ᠤ᠋ ᠡᠷᠲᠡᠨ ᠦ᠌ ᠨᠣᠮ ᠳ᠋ᠤ᠌ ᠵᠢᠷᠤᠬᠠᠢ ᠶ᠋ᠢᠨ ᠤᠬᠠᠭᠠᠨ ᠢ᠋ ᠰᠤᠳᠠᠯ ᠰᠢᠨᠵᠢᠯᠡᠭᠡ᠂ ᠡᠪᠡᠳᠴᠢᠨ ᠦ᠌ ᠬᠤᠷᠠᠵᠤ ᠪᠠᠢᠭ᠎ᠠ ᠬᠤᠭᠤᠴᠠᠭᠠᠨ ᠳ᠋ᠤ᠌ ᠤᠷᠢᠳᠴᠢᠯᠠᠨ ᠪᠡᠯᠭᠡᠳᠡᠵᠦ ᠮᠡᠳᠡᠬᠦ᠂ ᠡᠪᠡᠳᠴᠢᠨ ᠦ᠌ ᠬᠦᠨᠳᠦ ᠬᠥᠩᠭᠡᠨ᠂ ᠡᠪᠡᠳᠴᠢᠲᠡᠨ ᠦ᠌ ᠦᠬᠦᠵᠦ ᠠᠮᠢᠳᠤᠷᠠᠬᠤ᠂ ᠣᠨᠴᠠᠭᠠᠢ ᠡᠪᠡᠳᠴᠢᠨ ᠦ᠌ ᠰᠢᠯᠲᠠᠭᠠᠨ  ᠪᠤᠶᠤ ᠨᠢᠳᠦᠨ ᠳ᠋ᠦ᠍ ᠦᠵᠡᠭᠳᠡᠬᠦ ᠦᠭᠡᠢ ᠠᠳᠠ ᠮᠡᠲᠦ ᠡᠨᠧᠷᠺᠢ ᠶ᠋ᠢᠨ ᠰᠢᠯᠲᠠᠭᠠᠨ ᠪᠠ ᠲᠣᠮ ᠭᠦᠷᠢᠮ ᠮᠡᠲᠦ ᠳ᠋ᠦ᠍ ᠥᠷᠭᠡᠨ ᠬᠡᠪᠴᠢᠶ᠎ᠡ ᠪᠡᠷ ᠬᠡᠷᠡᠭᠯᠡᠵᠦ ᠪᠠᠢᠭᠰᠠᠨ ᠢ᠋ ᠮᠡᠳᠡᠵᠦ ᠪᠣᠯᠤᠨ᠎ᠠ᠃ ᠭᠡᠪᠡᠴᠦ ᠣᠷᠴᠢᠮ ᠤ᠋ᠨ ᠬᠡᠳᠦᠨ ᠠᠷᠪᠠᠨ ᠵᠢᠯ ᠳ᠋ᠦ᠍ ᠮᠣᠩᠭᠣᠯ ᠠᠨᠠᠭᠠᠬᠤ ᠤᠬᠠᠭᠠᠨ ᠤ᠋ ᠵᠢᠷᠤᠬᠠᠢ ᠶ᠋ᠢᠨ ᠰᠤᠳᠤᠯᠤᠯ᠂ ᠭᠠᠢᠬᠠᠮᠰᠢᠭᠲᠤ ᠳᠣᠯᠣᠭᠠᠨ ᠰᠤᠳᠠᠯ᠂ ᠲᠠᠷᠨᠢ ᠪᠠᠷ ᠡᠪᠡᠳᠴᠢᠨ ᠵᠠᠰᠠᠬᠤ (ᠭᠠᠯᠵᠠᠭᠤ ᠡᠪᠡᠳᠴᠢᠨ ᠢ᠋ ᠲᠠᠷᠨᠢ ᠪᠠᠷ ᠵᠠᠰᠠᠬᠤ) ᠂ ᠰᠣᠯᠢᠶ᠎ᠠ ᠡᠪᠡᠳᠴᠢᠨ ᠳ᠋ᠦ᠍ ᠲᠣᠮ ᠭᠦᠷᠢᠮ ᠬᠢᠬᠦ᠂  ᠹᠦ ᠶ᠋ᠢᠨ ᠬᠠᠯᠠᠭᠤᠨ ᠳ᠋ᠤ᠌ ᠡᠮ ᠨᠠᠢᠷᠠᠭᠤᠯᠬᠤ ᠦᠭᠡᠢ᠂ ᠬᠠᠨᠠᠬᠤ ᠵᠠᠰᠠᠯ ᠢ᠋ ᠲᠠᠬᠢᠶ᠎ᠠ ᠡᠳᠦᠷ ᠡᠷᠬᠢᠮᠯᠡᠬᠦ᠂ ᠬᠡᠦᠬᠡᠳ ᠢ᠋ ᠤᠰᠤ ᠡᠷᠭᠢᠭᠦᠯᠵᠦ ᠳᠣᠮᠨᠣᠵᠤ ᠵᠠᠰᠠᠬᠤ ᠭᠡᠬᠦ ᠮᠡᠲᠦ ᠶ᠋ᠢᠨ ᠠᠭᠤᠯᠭ᠎ᠠ ᠨᠢ ᠭᠡᠭᠡᠭᠳᠡᠨ ᠣᠷᠬᠢᠭᠳᠠᠵᠤ ᠪᠠᠢᠬᠤ ᠨᠢ ᠮᠠᠰᠢ ᠬᠠᠷᠠᠮᠰᠠᠯᠲᠠᠢ᠃ ᠡᠨᠡ ᠲᠤᠬᠠᠢ ᠬᠡᠳᠦᠨ ᠠᠷᠪᠠᠨ ᠵᠢᠯ ᠢ᠋ᠶ᠋ᠡᠷ ᠰᠢᠮᠳᠠᠨ ᠰᠤᠳᠤᠯᠵᠤ᠂ ᠵᠢᠭᠠᠬᠠᠨ ᠣᠯᠤᠯᠲᠠ ᠪᠠᠨ ᠵᠠᠯᠠᠭᠤ ᠦᠶ᠎ᠡ ᠶ᠋ᠢᠨ ᠬᠢᠨ ᠲᠡᠢ ᠪᠡᠨ ᠬᠤᠪᠢᠶᠠᠯᠴᠠᠵᠤ ᠰᠤᠷᠤᠯᠴᠠᠬᠤ ᠵᠣᠷᠢᠯᠲᠠ ᠪᠠᠷ ᠲᠤᠰ ᠥᠭᠦᠯᠡᠯ ᠢ᠋ ᠪᠢᠴᠢᠪᠡ᠃ 

ᠵᠡᠭᠦᠯᠲᠡ 
[1] [2] [3] [4] ᠳ᠋ᠠᠷᠮᠤᠮᠠᠷᠠᠨᠪᠠ ᠯᠤᠪᠰᠡᠠᠩᠴᠤᠶᠢᠷᠠᠭ᠄ 《 ᠵᠠᠷᠯᠢᠭ ᠤ᠋ᠨ ᠡᠷᠢᠭᠡᠰᠲᠤ ᠬᠠᠷᠠᠩᠭᠤᠢ ᠶ᠋ᠢ ᠠᠷᠢᠯᠭᠠᠭᠴᠢ ᠵᠤᠯᠠ 》᠂ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ᠂ 2014 ᠣᠨ ᠂ 53 ᠂ 55 ᠂ 57 ᠨᠢᠭᠤᠷ᠃ 
[5]ᠳ᠋ᠠᠷᠮᠤᠮᠠᠷᠠᠨᠪᠠ ᠂ ᠯᠣᠪᠰᠠᠩᠴᠤᠣᠶᠢᠷᠠᠭ᠄ 《 ᠪᠡᠷᠬᠡ ᠣᠨᠢᠰᠣᠨ ᠤ᠋ ᠸᠴᠢᠷ ᠵᠠᠩᠭᠢᠯᠠᠭ᠎ᠠ ᠶ᠋ᠢ ᠳᠡᠢᠯᠦᠭᠴᠢ 》᠂ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ᠂ 2014 ᠣᠨ᠂ 60 ᠨᠢᠭᠤᠷ᠃
[6] [7] ᠳ᠋ᠧᠰᠡᠷᠢᠳ ᠰᠠᠩᠵᠠᠢᠵᠠᠮᠰᠤ᠄ 《 ᠬᠥᠬᠡ ᠪᠧᠧᠳᠦ᠋ᠷᠢᠶ᠎ᠠ 》᠂ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ᠂ 2014 ᠣᠨ᠂ 35᠂ 36 ᠨᠢᠭᠤᠷ᠃ 
[8][9][10][ 11]ᠴᠣᠢᠵᠠᠮᠰᠤ᠄ 《 ᠮᠠᠰᠢ ᠭᠠᠢᠬᠠᠮᠰᠢᠭᠲᠤ ᠬᠤᠷᠢᠮ ᠤ᠋ᠨ ᠰᠠᠩ 》᠂ ᠥᠪᠥᠷ ᠮᠣᠩᠭᠣᠯ ᠤ᠋ᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠦ᠋ᠨ ᠬᠡᠪᠯᠡᠯ ᠦ᠋ᠨ ᠬᠣᠷᠢᠶ᠎ᠠ᠂ 1985 ᠣᠨ᠂ 13᠂ 14᠂ 15 ᠨᠢᠭᠤᠷ᠃ 
[12][13 ][14 ][15]ᠵᠢᠷᠢᠮ ᠠᠢᠮᠠᠭ ᠤ᠋ᠨ ᠮᠣᠩᠭᠣᠯ ᠡᠮᠨᠡᠯᠭᠡ ᠰᠤᠳᠤᠯᠬᠤ ᠭᠠᠵᠠᠷ᠄ 《 ᠡᠮ ᠵᠠᠰᠠᠯ ᠤ᠋ᠨ ᠰᠠᠷᠠᠨ ᠬᠠᠭᠠᠨ 》᠂ ᠥᠪᠥᠷ ᠮᠣᠩᠭᠣᠯ ᠤ᠋ᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠦ᠋ᠨ ᠬᠡᠪᠯᠡᠯ ᠦ᠋ᠨ ᠬᠣᠷᠢᠶ᠎ᠠ᠂ 1985 ᠣᠨ᠂ 93 ᠂ 94 ᠂ 96 ᠂ 97 — 98 ᠨᠢᠭᠤᠷ᠃  

 ᠢᠷᠡᠯᠲᠡ ––
  《ᠳᠤᠮᠳᠠᠳᠤ ᠤᠯᠤᠰ ᠤᠨ ᠮᠣᠩᠭᠣᠯ ᠡᠮ ᠡᠮᠨᠡᠯᠭᠡ》 ᠰᠡᠳᠬᠦᠯ ᠡᠴᠡ ᠬᠠᠭᠤᠯᠪᠠ᠃

        ᠦᠰᠦᠭ ᠠᠮᠢᠯᠠᠭᠤᠯᠤᠭᠴᠢ᠄ ᠭᠠᠸᠠ 
         ᠦᠰᠦᠭ ᠬᠢᠨᠠᠭᠴᠢ᠄ ᠮᠥᠴᠢᠷ᠂ ᠲᠤᠭᠴᠢ ᠰᠠᠷᠠᠨ᠎ᠠ