ᠴᠥᠬᠥ ᠴᠥᠬᠥ-ᠰᠤᠤᠳᠠᠨ ᠬᠠᠮᠲᠤᠯᠢᠭ᠋Цөх цөх-Суутан хамтлаг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠥᠬᠥ ᠴᠥᠬᠥ-ᠰᠤᠤᠳᠠᠨ ᠬᠠᠮᠲᠤᠯᠢᠭ᠋Цөх цөх-Суутан хамтлаг

ᠴᠥᠬᠥ ᠴᠥᠬᠥ-ᠰᠤᠤᠳᠠᠨ ᠬᠠᠮᠲᠤᠯᠢᠭ᠋Цөх цөх-Суутан хамтлаг

ᠠᠩᠭᠢᠯᠠᠯ:ᠳᠠᠭᠤᠤ ᠬᠥᠭᠵᠢᠮ
2025-02-14

416

ᠴᠥᠬᠥ ᠴᠥᠬᠥ


  ᠦᠭᠡ ᠄ ᠮᠦᠩᠬᠡᠲᠤᠩᠭᠠᠯᠠᠭ 
  ᠠᠶ᠎ᠠ ᠄ ᠮᠦᠩᠬᠡᠲᠤᠩᠭᠠᠯᠠᠭ 
  ᠬᠥᠭᠵᠢᠮ ᠦ᠋ᠨ ᠨᠠᠢᠷᠠᠭᠤᠯᠤᠭᠴᠢ᠄ ᠰᠤᠤᠲᠠᠨ ᠬᠠᠮᠲᠤᠯᠢᠭ 

ᠨᠠᠭᠠᠳᠤᠮ ᠨᠠᠭᠠᠳᠤᠮ ᠤ᠋ᠨ ᠲᠦᠷᠦᠭᠦᠦ ᠲᠡᠢ 
ᠨᠠᠷᠠᠨ ᠵᠦᠭ ᠦ᠋ᠨ ᠬᠦᠯᠦᠭ ᠣᠳ ᠰᠢᠭ᠋ * 
ᠨᠢᠭᠡ ᠨᠢᠭᠡᠨ ᠢ᠋ᠶ᠋ᠡᠨ ᠲᠠᠰᠢᠭᠤᠷᠳᠠᠨ 
ᠴᠥᠬᠥ ᠴᠥᠬᠥ ᠴᠥᠬᠥ 

ᠠᠳᠤᠭᠤᠨ ᠳᠤᠮᠳᠠ ᠪᠠᠨ ᠠᠵᠢᠷᠭ᠎ᠠ ᠰᠢᠭ᠋ 
ᠠᠷᠳᠠᠭ ᠳᠣᠭᠰᠢᠨ ᠡᠮᠨᠢᠭ ᠰᠢᠭ * 
ᠠᠷᠪᠠᠨ ᠵᠦᠭ ᠲᠡᠭᠡᠨ ᠳᠠᠢᠰᠤᠨ ᠦᠭᠡᠢ 
ᠴᠥᠬᠥ ᠴᠥᠬᠥ ᠴᠥᠬᠥ 

ᠤᠶᠠᠭ᠎ᠠ ᠰᠣᠢᠯᠭ᠎ᠠ ᠰᠠᠢᠲᠠᠢ
ᠡᠦᠲᠦᠮ ᠰᠢᠨᠵᠢ ᠨᠢ ᠪᠦᠷᠢᠳᠦᠭᠰᠡᠨ
ᠤᠰᠤ ᠨᠤᠲᠤᠭ ᠢ᠋ᠶ᠋ᠠᠨ ᠠᠯᠳᠠᠷᠰᠢᠭᠤᠯᠤᠨ
ᠴᠥᠬᠥ ᠴᠥᠬᠥ ᠴᠥᠬᠥ

ᠮᠢᠩᠭᠠᠨ ᠰᠦᠷᠦᠭ ᠦ᠋ᠨ ᠮᠠᠩᠯᠠᠢ
ᠪᠣᠮᠠᠨ ᠰᠦᠷᠦᠭ ᠦ᠋ᠨ ᠠᠵᠢᠨᠠᠢ
ᠪᠤᠰᠢᠭᠤᠯᠠᠨ ᠪᠤᠰᠢᠭᠤᠯᠠᠨ①
ᠴᠥᠬᠥ ᠴᠥᠬᠥ ᠴᠥᠬᠥ

ᠠᠵᠠ ᠶ᠋ᠢᠨ ᠬᠡᠢᠮᠣᠷᠢ ᠰᠡᠷᠭᠦᠭᠡᠭᠰᠡᠨ
ᠠᠶᠠᠨ ᠵᠠᠮ ᠤ᠋ᠨ ᠡᠷᠴᠢ ᠲᠡᠢ
ᠠᠮᠠᠭᠠᠢ ᠵᠢᠯᠣᠭᠣ ᠴᠢᠩᠭ᠎ᠠ ᠠᠳᠬᠤᠨ
ᠴᠥᠬᠥ ᠴᠥᠬᠥ ᠴᠥᠬᠥ

ᠠᠯᠲᠠᠨ ᠳᠡᠯᠡᠬᠡᠢ ᠶ᠋ᠢ ᠲᠠᠮᠠᠭᠠᠯᠠᠭᠰᠠᠨ
ᠠᠪᠤᠷᠭᠤ ᠵᠡᠭᠡᠷᠳᠡ ᠬᠤᠷᠳᠤ ᠪᠠᠷ
ᠠᠯᠳᠠᠷ ᠴᠣᠯᠠ ᠪᠠᠨ ᠮᠠᠨᠳᠤᠭᠤᠯᠤᠨ
ᠴᠥᠬᠥ ᠴᠥᠬᠥ ᠴᠥᠬᠥ

ᠤᠨᠠᠭᠠᠨ ᠠ᠋ᠴᠠ ᠪᠠᠨ ᠤᠶᠠᠭ᠎ᠠ ᠲᠠᠢ
ᠲᠠᠭᠠᠨ ᠠ᠋ᠴᠠ ᠪᠠᠨ ᠳᠠᠪᠬᠢᠭ᠎ᠠ ᠲᠠᠢ
ᠣᠩᠭᠣᠨ ᠪᠠᠭ᠎ᠠ ᠨᠠᠰᠤᠨ ᠳ᠋ᠤ᠌ ᠪᠠᠨ
ᠴᠥᠬᠥ ᠴᠥᠬᠥ ᠴᠥᠬᠥ

ᠬᠤᠯᠠᠨ ᠰᠦᠷᠦᠭ ᠦ᠋ᠨ ᠬᠤᠷᠳᠤ ᠪᠠᠷ
ᠬᠤᠢ ᠰᠠᠯᠬᠢᠨ ᠤ᠋ ᠡᠷᠴᠢ ᠪᠡᠷ
ᠬᠣᠰᠢᠭᠤᠯᠠᠨ ᠬᠣᠰᠢᠭᠤᠯᠠᠨ②
ᠴᠥᠬᠥ ᠴᠥᠬᠥ ᠴᠥᠬᠥ

ᠮᠢᠩᠭ᠎ᠠ ᠮᠢᠩᠭ᠎ᠠ ᠪᠠᠷ ᠢ᠋ᠶ᠋ᠠᠨ ᠲᠦᠮᠡ ᠲᠦᠮᠡ ᠪᠡᠷ ᠢ᠋ᠶ᠋ᠡᠨ
ᠪᠣᠮᠠ ᠪᠣᠮᠠ ᠪᠠᠷ ᠢ᠋ᠶ᠋ᠠᠨ ᠰᠠᠶ᠎ᠠ ᠰᠠᠶ᠎ᠠ ᠪᠠᠷ ᠢ᠋ᠶ᠋ᠠᠨ
ᠬᠡᠨ ᠬᠡᠨ ᠳ᠋ᠦ᠍ ᠪᠡᠨ ᠳᠠᠮ ᠪᠣᠯᠤᠨ
ᠴᠥᠬᠥ ᠴᠥᠬᠥ ᠴᠥᠬᠥ

ᠴᠣᠭ ᠴᠣᠭ ᠲᠤ᠌ ᠪᠠᠨ ᠪᠤᠯᠲᠤ ᠪᠤᠯᠲᠤ ᠪᠠᠷ ᠢ᠋ᠶ᠋ᠠᠨ 
ᠬᠣᠣᠰ ᠬᠣᠣᠰ ᠢ᠋ᠶ᠋ᠠᠷ
ᠬᠠᠮᠲᠤ ᠪᠠᠷ ᠨᠢᠭᠡ ᠨᠢᠭᠡᠨ ᠢ᠋ᠶ᠋ᠡᠨ ᠲᠠᠰᠢᠭᠤᠷᠳᠠᠨ
ᠴᠥᠬᠥ ᠴᠥᠬᠥ ᠴᠥᠬᠥ

ᠬᠠᠮᠲᠤ ᠪᠠᠷ ᠢ᠋ᠶ᠋ᠠᠨ ᠯᠠᠭ ᠪᠣᠯᠤᠭᠰᠠᠨ
ᠬᠥᠮᠦᠰ ᠨᠢ ᠨᠠᠰᠢ ᠪᠠᠨ
ᠭᠠᠭᠴᠠᠭᠠᠷ ᠢ᠋ᠶ᠋ᠠᠨ ᠮᠣᠳᠣ ᠪᠣᠯᠤᠭᠰᠠᠨ
ᠬᠥᠮᠦᠰ ᠨᠢ ᠴᠢᠨᠠᠭᠰᠢ ᠪᠠᠨ

ᠠᠳᠬᠤᠭᠰᠠᠨ ᠨᠢᠳᠤᠷᠭ᠎ᠠ ᠰᠢᠭ᠋ ᠡᠷᠴᠢ
ᠬᠦᠴᠦ ᠲᠡᠢ ᠪᠠᠢ
ᠡᠷᠴᠢᠯᠡᠭᠰᠡᠨ ᠰᠤᠷ ᠰᠢᠭ᠋
ᠡᠷᠴᠢᠮ ᠲᠠᠷ ᠪᠠᠢ

* ᠰᠢᠩᠭᠡᠭᠡᠯᠲᠡ ᠶ᠋ᠢᠨ ᠳᠡᠭᠡᠷ᠎ᠡ ᠰᠢᠭ— ᠰᠢᠭ ᠪᠤᠷᠤᠭᠤ ᠬᠠᠷᠠᠭᠳᠠᠵᠤ ᠪᠠᠢᠭ᠎ᠠ᠃
① ᠪᠤᠰᠢᠭᠤᠯᠠᠨ—
② ᠬᠣᠰᠢᠭᠤᠯᠠᠨ—

ᠦᠰᠦᠭ ᠠᠮᠢᠯᠠᠭᠤᠯᠤᠭᠰᠠᠨ᠄ ᠪᠢᠮᠪᠠ
ᠬᠢᠨᠠᠭᠴᠢ᠄ ᠲᠣᠳᠣᠭᠡᠷᠡᠯ᠂ ᠪᠢᠮᠪᠠ᠃