ᠪᠣᠯᠵᠣᠭᠠᠲᠤ ᠶ᠋ᠢᠨ ᠪᠣᠷᠣ ᠲᠣᠯᠣᠭᠠᠢ - ᠪᠠᠭᠠᠲᠤᠷ Болзоотын бор толгой-Баатар
ᠪᠣᠯᠵᠣᠭᠠᠲᠤ ᠶ᠋ᠢᠨ ᠪᠣᠷᠣ ᠲᠣᠯᠣᠭᠠᠢ
ᠦᠭᠡ᠄ ᠪ· ᠪᠠᠲᠤᠴᠡᠩᠭᠡᠯ
ᠠᠶ᠎ᠠ᠄ ᠳ· ᠮᠥᠩᠬᠡᠪᠥᠯᠣᠳ(Asound)
ᠳᠠᠭᠤᠴᠢᠨ᠄ ᠪᠠᠭᠠᠲᠤᠷ
ᠰᠠᠢᠬᠠᠨ ᠪᠣᠯᠤᠨ ᠬᠢᠴᠢᠶᠡᠬᠦ ᠲᠣᠰᠤᠮ ᠢ᠋ᠶ᠋ᠠᠨ ᠪᠢ
ᠰᠠᠢᠬᠠᠨ ᠴᠢᠨᠦᠬᠢ ᠪᠡᠨ ᠡᠭᠡᠨ ᠳ᠋ᠦ᠍ ᠬᠦᠷᠬᠦ ᠦᠭᠡᠢ ᠨᠢ ᠠ᠋
ᠰᠠᠢᠨ ᠰᠠᠨᠠᠭᠠᠨ ᠤ᠋ ᠦᠵᠦᠭᠦᠷ ᠲᠦ᠍ ᠨᠢ ᠰᠢᠷ᠎ᠠ ᠲᠣᠰᠣ ᠪᠠᠢᠨ᠎ᠠ ᠤᠤ ᠬᠦ
ᠰᠠᠢᠨ ᠲᠠᠨᠢᠭᠠᠷᠠᠢ ᠪᠦᠰᠡᠭᠦᠢ ᠮᠢᠨᠢ ᠠ᠋
ᠰᠤᠨᠵᠤ ᠳᠠᠪᠬᠢᠬᠤ ᠬᠦᠷᠡᠩ ᠮᠣᠷᠢ ᠮᠢᠨᠢ ᠪᠠᠢᠨ᠎ᠠ
ᠰᠠᠭᠤᠳᠠᠯ ᠳᠦᠭᠦᠷᠡᠩ ᠮᠠᠰᠢᠨ ᠭᠦᠢᠴᠡᠯ ᠦᠭᠡᠢ ᠴᠦ᠍
ᠰᠤᠮᠤ ᠶ᠋ᠢᠨ ᠨᠠᠭᠠᠳᠤᠮ ᠳ᠋ᠤ᠌ ᠬᠤᠷᠳᠤᠯᠠᠳᠠᠭ ᠬᠠᠯᠲᠠᠷ ᠬᠦᠯᠦᠭ ᠮᠢᠨᠢ
ᠰᠤᠷᠠᠭ ᠤ᠋ᠨ ᠭᠠᠵᠠᠷ ᠢ᠋ᠶ᠋ᠠᠨ ᠠᠨᠳᠠᠭᠤᠷᠠᠵᠤ ᠪᠤᠳᠤᠯᠢᠬᠤ ᠦᠭᠡᠢ ᠠ᠋
ᠪᠣᠯᠵᠣᠭᠠᠲᠤ ᠶ᠋ᠢᠨ ᠢ᠋ᠶ᠋ᠡᠨ ᠪᠣᠷᠣ ᠲᠣᠯᠣᠭᠠᠢ ᠳ᠋ᠤ᠌
ᠪᠣᠯᠵᠣᠭᠰᠠᠨ ᠴᠠᠭ ᠲᠦ᠍ ᠪᠠᠨ ᠬᠦᠯᠢᠶᠡᠨ᠎ᠡ
ᠪᠣᠳᠣᠯ ᠤ᠋ᠨ ᠡᠵᠡᠨ ᠪᠦᠰᠡᠭᠦᠢ ᠮᠢᠨᠢ ᠬᠠᠮᠢᠭ᠎ᠠ ᠪᠠᠢᠨ᠎ᠠ
ᠬᠠᠷ᠎ᠠ ᠪᠦᠷᠦᠢ ᠳ᠋ᠦ᠍ ᠭᠡᠬᠢᠯᠵᠡᠭᠦᠯᠬᠦ
ᠬᠥᠭᠡᠷᠦᠬᠦᠨ ᠳᠦᠷᠢ ᠪᠡᠷ ᠢ᠋ᠶ᠋ᠡᠨ ᠬᠡᠷᠡᠯᠳᠦᠭᠦᠯᠦᠭᠴᠢ
ᠬᠠᠢᠷ᠎ᠠ ᠶ᠋ᠢᠨ ᠡᠵᠡᠨ ᠬᠠᠷᠠᠬᠠᠨ ᠨᠢᠳᠦᠨ ᠮᠢᠨᠢ
ᠡᠷ᠎ᠡ ᠬᠥᠮᠦᠨ ᠪᠣᠯᠤᠨ ᠬᠢᠴᠢᠶᠡᠬᠦ ᠲᠣᠰᠤᠮ ᠢ᠋ᠶ᠋ᠠᠨ ᠪᠢ
ᠡᠩᠬᠦᠷᠡᠢ ᠴᠢᠮ᠎ᠠ ᠳ᠋ᠤ᠌ ᠪᠠᠨ ᠤᠯᠠᠮ ᠲᠡᠮᠡᠦᠯᠦᠨ᠎ᠡ
ᠵᠢᠷᠦᠬᠡᠨ ᠦ᠌ ᠬᠢᠨᠢ ᠤᠭᠯᠠᠭᠤᠷ ᠲᠦ᠍ ᠨᠢ ᠰᠡᠳᠬᠢᠯ ᠪᠠᠢᠨ᠎ᠠ ᠤᠤ ᠬᠦ
ᠳᠠᠪᠬᠢᠭᠠᠳ ᠣᠴᠢᠬᠤ ᠬᠦᠯᠦᠭ ᠮᠣᠷᠢ ᠮᠢᠨᠢ ᠪᠠᠢᠨ᠎ᠠ
ᠳᠠᠪᠬᠤᠷ ᠳᠤᠭᠤᠢᠲᠤ ᠤᠨᠤᠭ᠎ᠠ ᠭᠦᠢᠴᠡᠬᠦ ᠴᠦ᠍
ᠳᠠᠰᠤᠭᠰᠠᠨ ᠰᠡᠳᠬᠢᠯ ᠮᠢᠨᠢ ᠶᠠᠭᠠᠷᠠᠭᠠᠳ ᠴᠢᠩᠭᠢᠨᠡᠳᠡᠭ ᠶᠦᠮ ᠬᠣᠢᠨ᠎ᠠ
ᠪᠣᠯᠵᠣᠭᠠᠲᠤ ᠶ᠋ᠢᠨ ᠢ᠋ᠶ᠋ᠡᠨ ᠪᠣᠷᠣ ᠲᠣᠯᠣᠭᠠᠢ ᠳ᠋ᠤ᠌
ᠪᠣᠯᠵᠣᠭᠰᠠᠨ ᠴᠠᠭ ᠲᠦ᠍ ᠪᠠᠨ ᠬᠦᠯᠢᠶᠡᠨ᠎ᠡ
ᠪᠣᠳᠣᠯ ᠤ᠋ᠨ ᠢ᠋ᠶ᠋ᠠᠨ ᠡᠵᠡᠨ ᠪᠦᠰᠡᠭᠦᠢ ᠮᠢᠨᠢ ᠬᠠᠮᠢᠭ᠎ᠠ ᠪᠠᠢᠨ᠎ᠠ
ᠬᠠᠷ᠎ᠠ ᠪᠦᠷᠦᠢ ᠳ᠋ᠦ᠍ ᠭᠡᠬᠢᠯᠵᠡᠭᠦᠯᠬᠦ
ᠬᠥᠭᠡᠷᠦᠬᠦᠨ ᠳᠦᠷᠢ ᠪᠡᠷ ᠢ᠋ᠶ᠋ᠡᠨ ᠬᠡᠷᠡᠯᠳᠦᠭᠦᠯᠦᠭᠰᠡᠨ
ᠬᠠᠢᠷ᠎ᠠ ᠶ᠋ᠢᠨ ᠡᠵᠡᠨ ᠬᠠᠷᠠᠬᠠᠨ ᠨᠢᠳᠦᠨ ᠮᠢᠨᠢ
(ᠳᠠᠬᠢᠯᠲᠠ)
ᠦᠰᠦᠭ ᠠᠮᠢᠯᠠᠭᠤᠯᠵᠤ ᠬᠠᠲᠠᠭᠰᠠᠨ ᠨᠢ᠄ ᠲᠣᠳᠣᠭᠡᠷᠡᠯ
ᠬᠢᠨᠠᠭᠴᠢ᠄ ᠪᠢᠮᠪᠠ᠂ ᠮᠣᠩᠭᠣᠯ ᠰᠦᠨᠡᠰᠦ
