ᠰᠠᠨᠠᠭᠰᠠᠨ ᠰᠡᠳᠬᠢᠯ - ᠵ ∙ ᠬᠡᠰᠢᠭᠳᠡᠯᠭᠡᠷJ.Khishigdelger Sanasan setgel Ж.ХИШИГДЭЛГЭР Санасан сэтгэл ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠨᠠᠭᠰᠠᠨ ᠰᠡᠳᠬᠢᠯ - ᠵ ∙ ᠬᠡᠰᠢᠭᠳᠡᠯᠭᠡᠷJ.Khishigdelger Sanasan setgel Ж.ХИШИГДЭЛГЭР Санасан сэтгэл

ᠰᠠᠨᠠᠭᠰᠠᠨ ᠰᠡᠳᠬᠢᠯ - ᠵ ∙ ᠬᠡᠰᠢᠭᠳᠡᠯᠭᠡᠷJ.Khishigdelger Sanasan setgel Ж.ХИШИГДЭЛГЭР Санасан сэтгэл

ᠠᠩᠭᠢᠯᠠᠯ:ᠳᠠᠭᠤᠤ ᠬᠥᠭᠵᠢᠮ
2025-02-13

852

ᠰᠠᠨᠠᠭᠰᠠᠨ ᠰᠡᠳᠬᠢᠯ

 
           ᠳᠠᠭᠤᠴᠢᠨ᠄ ᠬᠡᠰᠢᠭᠳᠡᠯᠭᠡᠷ 

 1. ᠰᠢᠪᠡᠷᠡᠬᠦ ᠪᠣᠷᠣᠭᠠᠨ ᠤ᠋ ᠳᠤᠰᠤᠯ ᠤ᠋ᠨ ᠲᠣᠭ᠎ᠠ ᠪᠠᠷ 
     ᠴᠢᠮ᠎ᠠ ᠳ᠋ᠤ᠌ ᠪᠠᠨ ᠯᠠ ᠪᠢ ᠦᠨᠦᠰᠦᠯᠲᠡ ᠢᠯᠡᠭᠡᠨ᠎ᠡ 
     ᠴᠢᠨᠦᠬᠢ ᠪᠡᠨ ᠳᠤᠯᠠᠭᠠᠨ ᠭᠠᠷ ᠢ᠋ ᠴᠢᠨᠢ ᠠᠳᠬᠤᠭᠠᠳ 
     ᠴᠢᠬᠢᠨ ᠳ᠋ᠦ᠍ ᠴᠢᠨᠢ ᠬᠠᠢᠷ᠎ᠠ ᠶ᠋ᠢᠨ ᠦᠭᠡᠰ ᠢ᠋ᠶ᠋ᠡᠨ ᠰᠢᠪᠡᠨᠡᠨ᠎ᠡ 
     ᠰᠠᠨᠠᠭᠰᠠᠨ ᠰᠡᠳᠬᠢᠯ ᠢ᠋ᠶ᠋ᠡᠨ ᠪᠢ ᠶᠠᠭᠠᠬᠢᠯᠲᠠᠢ ᠪᠣᠢ 
     ᠰᠠᠢᠬᠠᠨ ᠲᠥᠷᠥᠭᠰᠡᠨ ᠴᠢᠮ᠎ᠠ ᠳ᠋ᠤ᠌ ᠪᠠᠨ ᠪᠢ ᠬᠠᠢᠷᠠᠲᠠᠢ 
     ᠳᠤᠷᠠᠯᠠᠭᠰᠠᠨ ᠰᠡᠳᠬᠢᠯ ᠢ᠋ᠶ᠋ᠡᠨ ᠪᠢ ᠶᠠᠭᠠᠬᠢᠯᠲᠠᠢ ᠪᠣᠢ 
     ᠳᠡᠩᠳᠡᠭᠦᠦ ᠳᠠᠰᠤᠭᠰᠠᠨ ᠴᠢᠮ᠎ᠠ ᠳ᠋ᠤ᠌ ᠪᠠᠨ ᠪᠢ ᠬᠠᠢᠷᠠᠲᠠᠢ  

 2. ᠲᠠᠩᠳᠠ ᠴᠢᠨᠦᠬᠢ ᠪᠡᠨ ᠳᠡᠷᠭᠡᠳᠡ ᠴᠢᠨᠢ ᠪᠠᠢᠮᠠᠷ 
     ᠳᠤᠷᠠᠯᠠᠯ ᠤ᠋ᠨ ᠳᠠᠭᠤᠤ ᠶ᠋ᠢ ᠴᠢᠨᠢ ᠬᠠᠮᠲᠤ ᠳ᠋ᠤ᠌ ᠪᠠᠨ ᠳᠠᠭᠤᠯᠠᠨ᠎ᠠ 
     ᠳᠡᠪᠡᠷᠡᠭᠦᠨ ᠰᠡᠳᠬᠢᠯ ᠢ᠋ᠶ᠋ᠡᠷ ᠵᠢᠭᠦᠷ ᠢ᠋ᠶ᠋ᠡᠨ ᠳᠡᠯᠭᠡᠭᠡᠳ 
     ᠰᠢᠪᠠᠭᠤ ᠪᠣᠯᠤᠭᠠᠳ ᠴᠢᠮ᠎ᠠ ᠤᠷᠤᠭᠤ ᠪᠢ ᠨᠢᠰᠦᠮᠡᠷ ᠪᠠᠢᠨ᠎ᠠ 
     ᠰᠠᠨᠠᠭᠰᠠᠨ ᠰᠡᠳᠬᠢᠯ ᠢ᠋ᠶ᠋ᠡᠨ ᠪᠢ ᠶᠠᠭᠠᠬᠢᠯᠲᠠᠢ ᠪᠣᠢ 
     ᠰᠠᠢᠬᠠᠨ ᠲᠥᠷᠥᠭᠰᠡᠨ ᠴᠢᠮ᠎ᠠ ᠳ᠋ᠤ᠌ ᠪᠠᠨ ᠪᠢ ᠬᠠᠢᠷᠠᠲᠠᠢ 
     ᠳᠤᠷᠠᠯᠠᠭᠰᠠᠨ ᠰᠡᠳᠬᠢᠯ ᠢ᠋ᠶ᠋ᠡᠨ ᠪᠢ ᠶᠠᠭᠠᠬᠢᠯᠲᠠᠢ ᠪᠣᠢ 
     ᠳᠡᠩᠳᠡᠭᠦᠦ ᠳᠠᠰᠤᠭᠰᠠᠨ ᠴᠢᠮ᠎ᠠ ᠳ᠋ᠤ᠌ ᠪᠠᠨ ᠪᠢ ᠬᠠᠢᠷᠠᠲᠠᠢ  

 3. ᠵᠢᠷᠦᠬᠡ ᠰᠡᠳᠬᠢᠯ ᠦ᠋ᠨ ᠦᠭᠡᠰ ᠢ᠋ᠶ᠋ᠡᠨ ᠰᠣᠯᠢᠯᠴᠠᠵᠤ 
     ᠵᠡᠭᠦᠳᠦᠨ ᠦ᠌ ᠶᠢᠷᠲᠢᠨᠴᠦ ᠳ᠋ᠦ᠍ ᠴᠢᠮ᠎ᠠ ᠲᠠᠢ ᠪᠠᠨ ᠵᠤᠭᠠᠯᠠᠮᠠᠷ 
     ᠴᠢᠩ ᠬᠠᠢᠷ᠎ᠠ ᠶ᠋ᠢᠨ ᠪᠣᠯᠵᠣᠭ᠎ᠠ ᠠ᠋ᠴᠠ ᠪᠠᠨ 
     ᠴᠢᠮ᠎ᠠ ᠳ᠋ᠤ᠌ ᠳᠤᠷᠠᠯᠠᠭᠰᠠᠨ ᠡᠳᠦᠷ ᠦ᠋ᠳ ᠲᠦ᠍ ᠪᠡᠨ ᠣᠴᠢᠮᠠᠷ ᠪᠠᠢᠨ᠎ᠠ 
     ᠰᠠᠨᠠᠭᠰᠠᠨ ᠰᠡᠳᠬᠢᠯ ᠢ᠋ᠶ᠋ᠡᠨ ᠪᠢ ᠶᠠᠭᠠᠬᠢᠯᠲᠠᠢ ᠪᠣᠢ 
     ᠰᠠᠢᠬᠠᠨ ᠲᠥᠷᠥᠭᠰᠡᠨ ᠴᠢᠮ᠎ᠠ ᠳ᠋ᠤ᠌ ᠪᠠᠨ ᠪᠢ ᠬᠠᠢᠷᠠᠲᠠᠢ 
     ᠳᠤᠷᠠᠯᠠᠭᠰᠠᠨ ᠰᠡᠳᠬᠢᠯ ᠢ᠋ᠶ᠋ᠡᠨ ᠪᠢ ᠶᠠᠭᠠᠬᠢᠯᠲᠠᠢ ᠪᠣᠢ 
     ᠳᠡᠩᠳᠡᠭᠦᠦ ᠳᠠᠰᠤᠭᠰᠠᠨ ᠴᠢᠮ᠎ᠠ ᠳ᠋ᠤ᠌ ᠪᠠᠨ ᠪᠢ ᠬᠠᠢᠷᠠᠲᠠᠢ 
     ᠰᠠᠨᠠᠭᠰᠠᠨ ᠰᠡᠳᠬᠢᠯ ᠢ᠋ᠶ᠋ᠡᠨ ᠪᠢ ᠶᠠᠭᠠᠬᠢᠯᠲᠠᠢ ᠪᠣᠢ 
     ᠰᠠᠢᠬᠠᠨ ᠲᠥᠷᠥᠭᠰᠡᠨ ᠴᠢᠮ᠎ᠠ ᠳ᠋ᠤ᠌ ᠪᠠᠨ ᠪᠢ ᠬᠠᠢᠷᠠᠲᠠᠢ 
     ᠳᠤᠷᠠᠯᠠᠭᠰᠠᠨ ᠰᠡᠳᠬᠢᠯ ᠢ᠋ᠶ᠋ᠡᠨ ᠪᠢ ᠶᠠᠭᠠᠬᠢᠯᠲᠠᠢ ᠪᠣᠢ 
     ᠳᠡᠩᠳᠡᠭᠦᠦ ᠳᠠᠰᠤᠭᠰᠠᠨ ᠴᠢᠮ᠎ᠠ ᠳ᠋ᠤ᠌ ᠪᠠᠨ ᠪᠢ ᠬᠠᠢᠷᠠᠲᠠᠢ 
     ᠳᠡᠩᠳᠡᠭᠦᠦ ᠳᠠᠰᠤᠭᠰᠠᠨ ᠴᠢᠮ᠎ᠠ ᠳ᠋ᠤ᠌ ᠪᠠᠨ ᠪᠢ ᠬᠠᠢᠷᠠᠲᠠᠢ! 

        ᠦᠰᠦᠭ ᠠᠮᠢᠯᠠᠭᠤᠯᠤᠭᠴᠢ᠄ ᠰᠣᠨᠢᠨᠪᠠᠶᠠᠷ 
            ᠬᠢᠨᠠᠭᠴᠢ᠄ ᠳᠠᠭᠤᠤ ᠶ᠋ᠢᠨ ᠬᠣᠯᠪᠣᠭ᠎ᠠ