ᠢᠵᠢᠢ ᠎ᠳ᠋ᠤ᠌ ᠎ᠪᠠᠨ ᠡᠷᠭᠦᠬᠦ ᠳᠠᠭᠤᠤ-ᠤᠷᠠᠨ᠎ᠠ᠂ ᠴᠡᠴᠡᠭᠮ᠎ᠡ᠂ ᠨᠠᠭᠤᠷᠮ᠎ᠠ Ижийдээ өргөх дуу--Урна,Цэцэгм,Нуурам ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠵᠢᠢ ᠎ᠳ᠋ᠤ᠌ ᠎ᠪᠠᠨ ᠡᠷᠭᠦᠬᠦ ᠳᠠᠭᠤᠤ-ᠤᠷᠠᠨ᠎ᠠ᠂ ᠴᠡᠴᠡᠭᠮ᠎ᠡ᠂ ᠨᠠᠭᠤᠷᠮ᠎ᠠ Ижийдээ өргөх дуу--Урна,Цэцэгм,Нуурам

ᠢᠵᠢᠢ ᠎ᠳ᠋ᠤ᠌ ᠎ᠪᠠᠨ ᠡᠷᠭᠦᠬᠦ ᠳᠠᠭᠤᠤ-ᠤᠷᠠᠨ᠎ᠠ᠂ ᠴᠡᠴᠡᠭᠮ᠎ᠡ᠂ ᠨᠠᠭᠤᠷᠮ᠎ᠠ Ижийдээ өргөх дуу--Урна,Цэцэгм,Нуурам

ᠠᠩᠭᠢᠯᠠᠯ:ᠳᠠᠭᠤᠤ ᠬᠥᠭᠵᠢᠮ
2025-02-12

1516

ᠢᠵᠢᠢ ᠳ᠋ᠦ᠍ ᠪᠡᠨ ᠡᠷᠭᠦᠬᠦ ᠳᠠᠭᠤᠤ


            ᠦᠭᠡ ᠠᠶ᠎ᠠ᠄ ᠤᠷᠠᠨ᠎ᠠ ᠨᠢ · ᠪᠠᠶᠠᠷ 
                         ᠡᠸᠡᠩᠬᠢ ᠬᠡᠯᠡᠨ ᠡᠴᠡ ᠮᠣᠩᠭᠣᠯᠴᠢᠯᠠᠪᠠ  
                         ᠤᠷᠠᠨ᠎ᠠ᠂ ᠴᠡᠴᠡᠭᠮ᠎ᠡ᠂ ᠨᠠᠭᠤᠷᠮ᠎ᠡ ᠳᠠᠭᠤᠯᠠᠨ᠎ᠠ  

 ᠢᠵᠢᠢ ᠢᠵᠢᠢ ᠮᠢᠨᠦ ᠯᠡ ᠢᠵᠢᠢ 
 ᠢᠵᠢᠢ ᠢᠵᠢᠢ ᠪᠤᠷᠬᠠᠨ ᠢᠵᠢᠢ ᠮᠢᠨᠢ  
 ᠠᠯᠠᠭᠬᠠᠨ ᠠᠯᠠᠭᠬᠠᠨ ᠮᠣᠷᠢ ᠪᠠᠨ ᠤᠨᠤᠭᠠᠳ 
 ᠠᠯᠳᠠᠩᠬᠠᠨ ᠨᠠᠷᠠ ᠪᠠᠨ ᠣᠷᠬᠢᠨ ᠮᠣᠷᠳᠠᠶ᠎ᠠ 
 ᠠᠵᠠᠢ ᠪᠤᠭᠤᠷᠤᠯ ᠢᠵᠢᠢ ᠲᠠᠨ ᠳ᠋ᠤ᠌ ᠪᠠᠨ 
 ᠡᠬᠢᠨ ᠰᠠᠷ᠎ᠠ ᠳ᠋ᠤ᠌ ᠪᠠᠨ ᠵᠣᠯᠭᠠᠨ ᠢᠷᠦᠭᠡᠯ ᠰᠣᠨᠣᠰᠤᠶ᠎ᠠ 

 ᠥᠷᠢᠶᠡᠬᠡᠨ ᠥᠷᠢᠶᠡᠬᠡᠨ ᠮᠣᠷᠢ ᠪᠠᠨ ᠤᠨᠤᠭᠠᠳ 
 ᠥᠷᠯᠥᠭᠡᠨ ᠦ᠌ ᠨᠠᠷᠠᠨ ᠢ᠋ᠶ᠋ᠠᠷ ᠤᠷᠤᠯᠳᠤᠨ ᠮᠣᠷᠳᠠᠶ᠎ᠠ 
 ᠡᠨᠡᠷᠢᠯ ᠦ᠋ᠨ ᠲᠡᠭᠷᠢ ᠡᠵᠢ ᠲᠠᠨ ᠳ᠋ᠤ᠌ ᠪᠠᠨ 
 ᠡᠷᠲᠡᠬᠡᠨ ᠬᠦᠷᠦᠭᠡᠳ ᠡᠷᠬᠡᠯᠡᠨ ᠦᠨᠦᠰᠦᠭᠦᠯᠦᠶ᠎ᠡ  
 ᠢᠵᠢᠢ ᠢᠵᠢᠢ ᠠᠮᠤᠷ ᠮᠡᠨᠳᠦ ᠠ᠋ 
 ᠢᠵᠢᠢ ᠮᠢᠨᠢ ᠢᠵᠢᠢ ᠮᠢᠨᠢ ᠤᠷᠲᠤ ᠨᠠᠰᠤᠯᠠᠭᠠᠷᠠᠢ 
 ᠢᠵᠢᠢ ᠢᠵᠢᠢ ᠠᠮᠤᠷ ᠮᠡᠨᠳᠦ ᠠ᠋ 
 ᠢᠵᠢᠢ ᠮᠢᠨᠢ ᠢᠵᠢᠢ ᠮᠢᠨᠢ ᠤᠳᠠᠭᠠᠨ ᠵᠢᠷᠭᠠᠭᠠᠷᠠᠢ 

 ᠤᠯᠠᠭᠠᠩᠬᠠᠨ ᠤᠯᠠᠭᠠᠩᠬᠠᠨ ᠮᠣᠷᠢ ᠪᠠᠨ ᠤᠨᠤᠭᠠᠳ 
 ᠤᠷᠭᠤᠬᠤ ᠨᠠᠷᠠᠨ ᠠ᠋ᠴᠠ ᠲᠦᠷᠦᠭᠦᠯᠡᠨ ᠮᠣᠷᠳᠠᠶ᠎ᠠ 
 ᠤᠷᠲᠤ ᠶ᠋ᠢᠨ ᠳᠠᠭᠤᠤ ᠪᠠᠷ ᠢ᠋ᠶ᠋ᠠᠨ ᠬᠣᠷᠸ᠎ᠠ ᠶ᠋ᠢ ᠤᠶᠠᠷᠠᠭᠠᠵᠤ 
 ᠤᠶᠠᠬᠠᠨ ᠢᠵᠢᠢ ᠳ᠋ᠦ᠍ ᠪᠡᠨ ᠮᠥᠷᠭᠥᠨ ᠰᠥᠬᠥᠷᠡᠶ᠎ᠡ 
 ᠠᠴᠢᠯᠠᠯ ᠬᠠᠢᠷ᠎ᠠ ᠶ᠋ᠢᠨ ᠰᠦᠮᠪᠦᠷ ᠲᠠᠨ ᠳ᠋ᠤ᠌ ᠪᠠᠨ 
 ᠠᠯᠲᠠ ᠶ᠋ᠢᠨ ᠴᠡᠩᠬᠡᠷ ᠬᠠᠳᠠᠭ ᠢ᠋ᠶ᠋ᠠᠷ ᠵᠣᠯᠭᠠᠶ᠎ᠠ 
 ᠠᠶ᠎ᠠ ᠳᠠᠭᠤᠤ ᠪᠠᠨ ᠳᠠᠭᠤᠯᠠᠩᠬᠠᠨ ᠢᠵᠢᠢ ᠲᠠᠨ ᠳ᠋ᠤ᠌ ᠪᠠᠨ 
 ᠠᠮᠤᠷ ᠮᠡᠨᠳᠦ ᠶ᠋ᠢ ᠲᠠᠨᠢ ᠳᠠᠭᠠᠳᠬᠠᠨ ᠵᠠᠯᠪᠠᠷᠢᠶ᠎ᠠ  
 ᠢᠵᠢᠢ ᠢᠵᠢᠢ ᠠᠮᠤᠷ ᠮᠡᠨᠳᠦ ᠠ᠋ 
 ᠢᠵᠢᠢ ᠮᠢᠨᠢ ᠢᠵᠢᠢ ᠮᠢᠨᠢ ᠤᠷᠲᠤ ᠨᠠᠰᠤᠯᠠᠭᠠᠷᠠᠢ 
 ᠢᠵᠢᠢ ᠢᠵᠢᠢ ᠠᠮᠤᠷ ᠮᠡᠨᠳᠦ ᠠ᠋ 
 ᠢᠵᠢᠢ ᠮᠢᠨᠢ ᠢᠵᠢᠢ ᠮᠢᠨᠢ ᠤᠳᠠᠭᠠᠨ ᠵᠢᠷᠭᠠᠭᠠᠷᠠᠢ  
 ᠢᠵᠢᠢ ᠢᠵᠢᠢ ᠮᠢᠨᠦ ᠯᠡ ᠢᠵᠢᠢ 
 ᠢᠵᠢᠢ ᠢᠵᠢᠢ ᠪᠤᠷᠬᠠᠨ ᠢᠵᠢᠢ ᠮᠢᠨᠢ  
 ᠢᠵᠢᠢ ᠢᠵᠢᠢ ᠮᠢᠨᠦ ᠯᠡ ᠢᠵᠢᠢ 
 ᠢᠵᠢᠢ ᠢᠵᠢᠢ ᠪᠤᠷᠬᠠᠨ ᠢᠵᠢᠢ ᠮᠢᠨᠢ  

      ᠦᠰᠦᠭ ᠠᠮᠢᠯᠠᠭᠤᠯᠤᠭᠴᠢ᠄ ᠨᠠᠨᠵᠢᠮ᠎ᠡ 
         ᠬᠢᠨᠠᠭᠴᠢ᠄ ᠰᠦᠨ ᠰᠠᠴᠤᠯᠢ 《ᠬᠠ》 ᠬᠣᠯᠪᠣᠭᠠᠨ ᠤ᠋ ᠭᠡᠰᠢᠭᠦᠳ