ᠵᠠᠮ -ᠡᠷᠭᠦᠨ᠎ᠡ ᠬᠠᠮᠲᠤᠯᠢᠭ᠋ Зам-Өргөнө хамтлаг
ᠵᠠᠮ
ᠦᠭᠡ᠄ ᠶ᠋ᠢᠨ ᠰᠢᠩ᠂ ᠮᠠᠰᠢᠪᠠᠲᠤ
ᠠᠶ᠎ᠠ᠄ ᠮᠠᠰᠢᠪᠠᠲᠤ
ᠬᠥᠭᠵᠢᠮ ᠦ᠋ᠨ ᠨᠠᠢᠷᠠᠭᠤᠯᠤᠭᠴᠢ᠄ ᠡᠷᠭᠦᠨ᠎ᠡ ᠬᠠᠮᠲᠤᠯᠢᠭ
ᠪᠥᠵᠢᠭ ᠦ᠋ᠨ ᠨᠠᠢᠷᠠᠭᠤᠯᠤᠭᠴᠢ᠄ ᠥᠯᠵᠡᠢᠪᠤᠶᠠᠨ
ᠱᠠᠨᠵᠠ ᠬᠥᠭᠵᠢᠮ᠄ ᠭᠦᠨᠴᠢᠯ
ᠡᠷᠭᠦᠨ᠎ᠡ ᠬᠠᠮᠲᠤᠯᠢᠭ ᠳᠠᠭᠤᠯᠠᠨ᠎ᠠ
ᠲᠦᠩᠯᠢᠶᠣᠣ ᠬᠣᠲᠠ ᠶ᠋ᠢᠨ ᠬᠣᠷᠴᠢᠨ ᠤᠷᠠᠯᠢᠭ ᠤ᠋ᠨ ᠠᠵᠢᠯ ᠮᠡᠷᠭᠡᠵᠢᠯ ᠦ᠋ᠨ ᠳᠡᠭᠡᠳᠦ ᠰᠤᠷᠭᠠᠭᠤᠯᠢ ᠶ᠋ᠢᠨ ᠬᠢᠨ ᠪᠥᠵᠢᠭ ᠬᠠᠪᠰᠤᠷᠭᠠᠨ᠎ᠠ
ᠬᠡᠭᠡᠷ᠎ᠡ ᠲᠠᠯ᠎ᠠ ᠶ᠋ᠢᠨ ᠰᠠᠯᠬᠢ ᠰᠢᠭ᠋
ᠥᠨᠳᠥᠷ ᠠᠭᠤᠯᠠ ᠳᠠᠮᠵᠢᠨ ᠨᠡᠭᠦᠮᠡᠷ ᠪᠠᠢᠨ᠎ᠠ
ᠬᠡᠯᠪᠡᠷᠢ ᠦᠭᠡᠢ ᠨᠡᠭᠦᠬᠦ ᠡᠭᠦᠯᠡᠰ ᠰᠢᠭ
ᠬᠥᠬᠡ ᠲᠩᠷᠢ ᠪᠡᠷ ᠳᠡᠭᠦᠯᠢᠨ ᠨᠢᠰᠦᠮᠡᠷ ᠪᠠᠢᠨ᠎ᠠ
ᠬᠠᠮᠢᠭ᠎ᠠ ᠣᠯᠠᠨ ᠣᠳᠣᠳ ᠤ᠋ᠨ ᠵᠦᠭ
ᠬᠣᠯᠠ ᠬᠠᠷᠪᠤᠬᠤ ᠭᠡᠷᠡᠯ ᠪᠣᠯᠤᠮᠠᠷ ᠪᠠᠢᠨ᠎ᠠ
ᠬᠠᠯᠭᠢᠭᠰᠠᠨ ᠳᠠᠯᠠᠢ ᠶ᠋ᠢᠨ ᠳᠡᠭᠡᠭᠦᠷ
ᠬᠠᠷᠢᠶᠠᠴᠠᠢ ᠮᠡᠲᠦ ᠪᠢ ᠨᠢᠰᠦᠮᠡᠷ ᠪᠠᠢᠨ᠎ᠠ
ᠶᠠᠪᠤᠶ᠎ᠠ ᠶᠠᠪᠤᠶ᠎ᠠ ᠶᠠᠪᠤᠶ᠎ᠠ ᠶᠠᠪᠤᠶ᠎ᠠ
ᠶᠠᠪᠤᠳᠠᠯ ᠳ᠋ᠤ᠌ ᠪᠠᠨ ᠰᠠᠭᠠᠷᠠᠬᠤ ᠦᠭᠡᠢ ᠪᠡᠷ
ᠶᠠᠪᠤᠶ᠎ᠠ ᠶᠠᠪᠤᠶ᠎ᠠ ᠶᠠᠪᠤᠶ᠎ᠠ ᠶᠠᠪᠤᠶ᠎ᠠ
ᠶᠠᠪᠤᠭᠰᠠᠨ ᠵᠠᠮ ᠰᠠᠭᠠᠲᠠᠬᠤ ᠦᠭᠡᠢ ᠪᠡᠷ
ᠶᠠᠪᠤᠶ᠎ᠠ ᠶᠠᠪᠤᠶ᠎ᠠ ᠶᠠᠪᠤᠶ᠎ᠠ ᠶᠠᠪᠤᠶ᠎ᠠ
ᠶᠠᠭ ᠲᠠᠢᠰᠢ ᠪᠠᠨ ᠵᠣᠭᠰᠣᠬᠤ ᠦᠭᠡᠢ ᠪᠡᠷ
ᠶᠠᠪᠤᠶ᠎ᠠ ᠶᠠᠪᠤᠶ᠎ᠠ ᠶᠠᠪᠤᠶ᠎ᠠ ᠶᠠᠪᠤᠶ᠎ᠠ
ᠴᠢᠩᠭ᠎ᠠ ᠳᠡᠭᠡᠭᠰᠢ ᠪᠡᠨ ᠴᠣᠢᠯᠠᠨ ᠳᠡᠭᠦᠯᠢᠶ᠎ᠡ
ᠤᠰᠤ ᠪᠣᠷᠣᠭ᠎ᠠ ᠴᠠᠰᠤ ᠰᠢᠭᠤᠷᠭ᠎ᠠ
ᠤᠷᠲᠤ ᠠ᠋ᠴᠠ ᠮᠢᠨᠢ ᠱᠠᠭᠢᠵᠤ ᠪᠠᠢᠯ᠎ᠠ ᠴᠤ᠌
ᠤᠬᠤᠷᠢᠬᠤ ᠦᠭᠡᠢ ᠪᠤᠴᠠᠬᠤ ᠦᠭᠡᠢ ᠪᠡᠷ
ᠤᠷᠤᠭᠰᠢ ᠪᠠᠨ ᠳᠡᠭᠡᠭᠰᠢ ᠪᠡᠨ ᠡᠭᠴᠡ ᠳᠡᠭᠡᠭᠰᠢ ᠪᠡᠨ
ᠶᠠᠪᠤᠶ᠎ᠠ ᠶᠠᠪᠤᠶ᠎ᠠ ᠶᠠᠪᠤᠶ᠎ᠠ ᠶᠠᠪᠤᠶ᠎ᠠ
ᠶᠠᠪᠤᠳᠠᠯ ᠳ᠋ᠤ᠌ ᠪᠠᠨ ᠰᠠᠭᠠᠷᠠᠬᠤ ᠦᠭᠡᠢ ᠪᠡᠷ
ᠶᠠᠪᠤᠶ᠎ᠠ ᠶᠠᠪᠤᠶ᠎ᠠ ᠶᠠᠪᠤᠶ᠎ᠠ ᠶᠠᠪᠤᠶ᠎ᠠ
ᠶᠠᠪᠤᠭᠰᠠᠨ ᠵᠠᠮ ᠰᠠᠭᠠᠲᠠᠬᠤ ᠦᠭᠡᠢ ᠪᠡᠷ
ᠶᠠᠪᠤᠶ᠎ᠠ ᠶᠠᠪᠤᠶ᠎ᠠ ᠶᠠᠪᠤᠶ᠎ᠠ ᠶᠠᠪᠤᠶ᠎ᠠ
ᠶᠠᠭ ᠲᠠᠢᠰᠢ ᠪᠠᠨ ᠵᠣᠭᠰᠣᠬᠤ ᠦᠭᠡᠢ ᠪᠡᠷ
ᠶᠠᠪᠤᠶ᠎ᠠ ᠶᠠᠪᠤᠶ᠎ᠠ ᠶᠠᠪᠤᠶ᠎ᠠ ᠶᠠᠪᠤᠶ᠎ᠠ
ᠴᠢᠩᠭ᠎ᠠ ᠳᠡᠭᠡᠭᠰᠢ ᠪᠡᠨ ᠴᠣᠢᠯᠠᠨ ᠳᠡᠭᠦᠯᠢᠶ᠎ᠡ
ᠬᠠᠮᠢᠭ᠎ᠠ ᠣᠯᠠᠨ ᠣᠳᠣᠳ ᠤ᠋ᠨ ᠵᠦᠭ
ᠬᠣᠯᠠ ᠬᠠᠷᠪᠤᠬᠤ ᠭᠡᠷᠡᠯ ᠪᠣᠯᠤᠮᠠᠷ ᠪᠠᠢᠨ᠎ᠠ
ᠬᠠᠯᠭᠢᠭᠰᠠᠨ ᠳᠠᠯᠠᠢ ᠶ᠋ᠢᠨ ᠳᠡᠭᠡᠭᠦᠷ
ᠬᠠᠷᠢᠶᠠᠴᠠᠢ ᠮᠡᠲᠦ ᠪᠢ ᠨᠢᠰᠦᠮᠡᠷ ᠪᠠᠢᠨ᠎ᠠ
ᠶᠠᠪᠤᠶ᠎ᠠ ᠶᠠᠪᠤᠶ᠎ᠠ ᠶᠠᠪᠤᠶ᠎ᠠ ᠶᠠᠪᠤᠶ᠎ᠠ
ᠶᠠᠪᠤᠳᠠᠯ ᠳ᠋ᠤ᠌ ᠪᠠᠨ ᠰᠠᠭᠠᠷᠠᠬᠤ ᠦᠭᠡᠢ ᠪᠡᠷ
ᠶᠠᠪᠤᠶ᠎ᠠ ᠶᠠᠪᠤᠶ᠎ᠠ ᠶᠠᠪᠤᠶ᠎ᠠ ᠶᠠᠪᠤᠶ᠎ᠠ
ᠶᠠᠪᠤᠭᠰᠠᠨ ᠵᠠᠮ ᠰᠠᠭᠠᠲᠠᠬᠤ ᠦᠭᠡᠢ ᠪᠡᠷ
ᠶᠠᠪᠤᠶ᠎ᠠ ᠶᠠᠪᠤᠶ᠎ᠠ ᠶᠠᠪᠤᠶ᠎ᠠ ᠶᠠᠪᠤᠶ᠎ᠠ
ᠶᠠᠭ ᠲᠠᠢᠰᠢ ᠪᠠᠨ ᠵᠣᠭᠰᠣᠬᠤ ᠦᠭᠡᠢ ᠪᠡᠷ
ᠶᠠᠪᠤᠶ᠎ᠠ ᠶᠠᠪᠤᠶ᠎ᠠ ᠶᠠᠪᠤᠶ᠎ᠠ ᠶᠠᠪᠤᠶ᠎ᠠ
ᠴᠢᠩᠭ᠎ᠠ ᠳᠡᠭᠡᠭᠰᠢ ᠪᠡᠨ ᠴᠣᠢᠯᠠᠨ ᠳᠡᠭᠦᠯᠢᠶ᠎ᠡ
ᠠᠷᠠᠯᠲᠤ ᠬᠤᠭᠤᠷ ᠢ᠋ᠶ᠋ᠠᠨ ᠪᠠᠷᠢᠭᠠᠳ
ᠠᠶᠠᠯᠭᠤ ᠬᠥᠭᠵᠢᠮ ᠢ᠋ᠶ᠋ᠡᠨ ᠡᠭᠦᠰᠬᠡᠭᠡᠳ
ᠠᠬᠠᠮᠠᠳ ᠬᠦᠨᠳᠦᠲᠦ ᠲᠠᠨᠠᠷ ᠲᠤ᠌ ᠪᠠᠨ
ᠠᠷᠠᠳ ᠤ᠋ᠨ ᠳᠠᠭᠤᠤ ᠪᠠᠨ ᠡᠷᠭᠦᠶ᠎ᠡ
ᠤᠲᠠᠰᠤᠲᠤ ᠬᠤᠭᠤᠷ ᠢ᠋ᠶ᠋ᠠᠨ ᠬᠥᠭᠵᠢᠮᠳᠡᠭᠡᠳ
ᠤᠶᠠᠩᠭᠠᠲᠤ ᠳᠠᠭᠤᠤ ᠪᠠᠨ ᠳᠠᠭᠤᠯᠠᠮᠠᠷ ᠪᠠᠢᠨ᠎ᠠ
ᠥᠷᠭᠡᠨ ᠣᠯᠠᠨ ᠲᠠᠨᠠᠷ ᠲᠤ᠌ ᠪᠠᠨ
ᠡᠬᠡᠰᠢᠭ ᠳᠠᠭᠤᠤ ᠪᠠᠨ ᠡᠷᠭᠦᠶ᠎ᠡ
ᠶᠠᠪᠤᠶ᠎ᠠ ᠶᠠᠪᠤᠶ᠎ᠠ ᠶᠠᠪᠤᠶ᠎ᠠ ᠶᠠᠪᠤᠶ᠎ᠠ
ᠶᠠᠪᠤᠶ᠎ᠠ ᠶᠠᠪᠤᠶ᠎ᠠ ᠶᠠᠪᠤᠶ᠎ᠠ ᠶᠠᠪᠤᠶ᠎ᠠ
ᠦᠰᠦᠭ ᠠᠮᠢᠯᠠᠭᠤᠯᠤᠭᠴᠢ᠄ ᠭᠡᠷᠡᠯ
ᠬᠢᠨᠠᠭᠴᠢ ᠪᠠᠭᠰᠢ᠄ ᠨᠠᠷᠠᠨᠲᠤᠶᠠᠭ᠎ᠠ᠂ ᠲᠦᠮᠡᠨᠴᠡᠴᠡᠭ᠂ ᠪᠦᠷᠢᠨ᠎ᠡ
