ᠡᠵᠢ ᠰᠠᠬᠢᠭᠤᠰᠤ- ᠦᠭᠡ ᠰ ∙ ᠶᠣᠩᠳᠣᠩᠰᠢᠷᠠᠪ᠂ ᠠᠶ᠎ᠠ ᠪ ∙ ᠰᠦᠬᠡᠪᠠᠭᠠᠲᠤᠷ ᠳᠠᠭᠤᠴᠢᠨ ᠪ ∙ ᠰᠦᠬᠡᠪᠠᠭᠠᠲᠤᠷ ᠮ ∙ ᠣᠳᠬᠣᠨᠵᠢᠷᠭᠠᠯ ᠷᠧᠢᠫᠧᠷ Der Bi Ижий сахиус Үг С. Ёндоншарав, Ая Б. Сүхбаатар Дуучин Б.Сүхбаатар М.Отгонжаргал Реппер De
ᠡᠵᠢ ᠰᠠᠬᠢᠭᠤᠰᠤ
ᠦᠭᠡ᠄ ᠰ· ᠶᠣᠨᠳᠣᠨᠰᠢᠷᠠᠪ
ᠠᠶ᠎ᠠ᠄ ᠪ ∙ ᠰᠦᠬᠡᠪᠠᠭᠠᠲᠤᠷ
— ᠪ ∙ ᠰᠦᠬᠡᠪᠠᠭᠠᠲᠤᠷ᠂DerBi
ᠮ· ᠣᠳᠬᠣᠨᠵᠢᠷᠭᠠᠯ ᠨᠠᠷ ᠳᠠᠭᠤᠯᠠᠨ᠎ᠠ
ᠵᠢᠷᠦᠬᠡᠨ ᠳ᠋ᠦ᠍ ᠪᠤᠴᠠᠯᠬᠤ ᠡᠪᠡᠢ ᠮᠢᠨᠢ ᠲᠠ
ᠵᠣᠷᠢᠭᠠᠳ ᠣᠴᠢᠮᠠᠷ ᠲᠡᠮᠡᠦᠯᠦᠯ ᠮᠢᠨᠢ
ᠬᠠᠢᠷᠠᠨ ᠳ᠋ᠤ᠌ ᠪᠠᠨ ᠥᠯᠥᠭᠡᠢᠳᠡᠬᠦ ᠡᠯᠴᠢ ᠮᠢᠨᠢ ᠲᠠ
ᠬᠠᠭᠠᠴᠠᠰᠢ ᠦᠭᠡᠢ ᠬᠠᠯᠠᠭᠤᠨ ᠠᠮᠢ ᠮᠢᠨᠢ ᠪᠢᠯᠡ
ᠡᠵᠢ ᠮᠢᠨᠢ ᠡᠷᠬᠢᠮ ᠳᠡᠭᠡᠳᠦᠰ ᠮᠢᠨᠢ ᠲᠠ
ᠡᠷᠭᠢᠬᠦ ᠴᠠᠭ ᠤ᠋ᠨ ᠠᠮᠢᠨ ᠬᠦᠷᠳᠦ ᠮᠢᠨᠢ ᠪᠢᠯᠡ
ᠥᠨᠳᠥᠷ ᠲᠩᠷᠢ ᠥᠷᠭᠡᠨ ᠳᠡᠯᠡᠬᠡᠢ ᠪᠣᠯᠤᠭᠰᠠᠨ
ᠥᠮᠥᠷᠡᠭᠡᠳ ᠳᠠᠭᠤᠰᠬᠤ ᠡᠵᠢ ᠳ᠋ᠡᠭᠡᠨ ᠯᠡ ᠪᠢ ᠬᠠᠢᠷᠠᠲᠠᠢ
ᠪᠣᠳᠣᠯ ᠳ᠋ᠤ᠌ ᠤᠶᠠᠭᠠᠲᠠᠢ ᠬᠠᠢᠷ᠎ᠠ ᠮᠢᠨᠢ ᠲᠠ
ᠪᠦᠯᠢᠶᠡᠨ ᠨᠢᠯᠪᠤᠰᠤᠨ ᠤ᠋ ᠡᠵᠡᠨ ᠮᠢᠨᠢ
ᠵᠣᠪᠠᠯᠠᠩ ᠢ᠋ ᠥᠮᠥᠭᠯᠡᠬᠦ ᠰᠢᠨᠠᠯᠤᠯ ᠮᠢᠨᠢ ᠲᠠ
ᠵᠡᠭᠦᠳᠦᠨ ᠳ᠋ᠦ᠍ ᠦᠵᠡᠭᠳᠡᠬᠦ ᠵᠦᠩ ᠰᠣᠪᠢᠩ ᠪᠢᠯᠡ
ᠡᠵᠢ ᠮᠢᠨᠢ ᠡᠷᠬᠢᠮ ᠳᠡᠭᠡᠳᠦᠰ ᠮᠢᠨᠢ ᠲᠠ
ᠡᠷᠭᠢᠬᠦ ᠴᠠᠭ ᠤ᠋ᠨ ᠠᠮᠢᠨ ᠬᠦᠷᠳᠦ ᠮᠢᠨᠢ ᠪᠢᠯᠡ
ᠥᠨᠳᠥᠷ ᠲᠩᠷᠢ ᠥᠷᠭᠡᠨ ᠳᠡᠯᠡᠬᠡᠢ ᠪᠣᠯᠤᠭᠰᠠᠨ
ᠥᠮᠥᠷᠡᠭᠡᠳ ᠳᠠᠭᠤᠰᠬᠤ ᠡᠵᠢ ᠳ᠋ᠡᠭᠡᠨ ᠯᠡ ᠪᠢ ᠬᠠᠢᠷᠠᠲᠠᠢ
ᠡᠵᠢ ᠮᠢᠨᠢ ᠭᠡᠵᠦ ᠳᠠᠭᠤᠳᠠᠭᠳᠠᠬᠤ ᠨᠢᠭᠡᠨ ᠡᠮᠡᠭᠲᠡᠢ
ᠬᠠᠢᠷᠠᠯᠠᠭᠳᠠᠬᠤ ᠡᠷᠬᠡ ᠮᠢᠨᠢ
ᠬᠦᠨᠳᠦᠯᠡᠯ ᠬᠥᠮᠦᠨ ᠵᠡᠷᠭᠡ ᠲᠡᠢ
ᠲᠡᠳᠡᠨ ᠡᠴᠡ ᠮᠢᠨᠢ ᠰᠠᠴᠤᠷᠠᠬᠤ
ᠠᠷᠢᠭᠤᠨ ᠭᠡᠭᠡᠨ ᠢᠲᠡᠭᠡᠯ
ᠡᠩᠭᠡᠷ ᠡᠴᠡ ᠤᠷᠤᠰᠬᠤ
ᠴᠠᠭᠠᠨ ᠰᠦ ᠰᠢᠭ ᠢ᠋ᠶ᠋ᠡᠨ ᠰᠡᠳᠬᠢᠯ ᠪᠣᠯᠭᠠᠨ᠎ᠠ ᠭᠡᠰᠡᠨ ᠪᠣᠳᠣᠯ ᠪᠦᠷᠢ ᠨᠢ
ᠪᠡᠶᠡᠯᠡᠯ ᠢ᠋ᠶ᠋ᠡᠨ ᠣᠯᠬᠤ ᠨᠦᠮᠵᠦᠭ ᠲᠡᠢ
ᠪᠤᠷᠤᠭᠤ ᠵᠥᠪ ᠢ᠋ ᠳᠡᠩᠰᠡᠯᠡᠬᠦ ᠨᠢ
ᠪᠤᠷᠬᠠᠨ ᠭᠡᠭᠡᠨ ᠱᠦᠩᠰᠢᠭ ᠲᠡᠢ
ᠪᠦᠪᠡᠢ ᠪᠦᠪᠡᠢ! ᠭᠡᠵᠦ ᠳᠠᠭᠤᠯᠠᠬᠤ
ᠡᠵᠢ ᠶ᠋ᠢᠨ ᠮᠢᠨᠢ ᠬᠣᠭᠣᠯᠠᠢ ᠶᠠᠭᠤ ᠪᠣᠢ
ᠡᠷᠬᠡᠰ ᠲᠩᠷᠢ ᠡᠴᠡ ᠪᠢᠳᠡᠨ ᠳ᠋ᠦ᠍ ᠥᠭᠭᠦᠭᠰᠡᠨ
ᠡᠨᠡ ᠠᠭᠤᠤ ᠳᠠᠭᠤᠤ ᠪᠢᠯᠡ
ᠵᠢᠬᠡᠭᠦᠨ ᠰᠠᠯᠬᠢᠨ ᠤ᠋ ᠨᠥᠮᠥᠷᠢ ᠮᠢᠨᠢ ᠲᠠ
ᠵᠢᠩᠳᠡᠬᠦ ᠰᠡᠳᠬᠢᠯ ᠦ᠋ᠨ ᠭᠠᠯ ᠮᠢᠨᠢ ᠪᠢᠯᠡ
ᠠᠩᠭᠠᠬᠤ ᠴᠠᠭ ᠤ᠋ᠨ ᠴᠠᠭᠠᠨ ᠰᠦ ᠮᠢᠨᠢ ᠲᠠ
ᠠᠪᠤᠷᠠᠯ ᠡᠷᠢᠬᠦ ᠠᠮᠢᠳᠤ ᠰᠠᠬᠢᠭᠤᠰᠤ ᠪᠢᠯᠡ
ᠡᠵᠢ ᠮᠢᠨᠢ ᠡᠷᠬᠢᠮ ᠳᠡᠭᠡᠳᠦᠰ ᠮᠢᠨᠢ ᠲᠠ
ᠡᠷᠭᠢᠬᠦ ᠴᠠᠭ ᠤ᠋ᠨ ᠠᠮᠢᠨ ᠬᠦᠷᠳᠦ ᠮᠢᠨᠢ ᠪᠢᠯᠡ
ᠥᠨᠳᠥᠷ ᠲᠩᠷᠢ ᠶ᠋ᠢᠨ ᠥᠷᠭᠡᠨ ᠳᠡᠯᠡᠬᠡᠢ ᠪᠣᠯᠤᠭᠰᠠᠨ
ᠥᠮᠥᠷᠡᠭᠡᠳ ᠳᠠᠭᠤᠰᠬᠤ ᠡᠵᠢ ᠳ᠋ᠡᠭᠡᠨ ᠯᠡ ᠪᠢ ᠬᠠᠢᠷᠠᠲᠠᠢ
ᠡᠵᠢ ᠮᠢᠨᠢ ᠡᠷᠬᠢᠮ ᠳᠡᠭᠡᠳᠦᠰ ᠮᠢᠨᠢ ᠲᠠ
ᠡᠷᠭᠢᠬᠦ ᠴᠠᠭ ᠤ᠋ᠨ ᠠᠮᠢᠨ ᠬᠦᠷᠳᠦ ᠮᠢᠨᠢ ᠪᠢᠯᠡ
ᠥᠨᠳᠥᠷ ᠲᠩᠷᠢ ᠥᠷᠭᠡᠨ ᠳᠡᠯᠡᠬᠡᠢ ᠪᠣᠯᠤᠭᠰᠠᠨ
ᠥᠮᠥᠷᠡᠭᠡᠳ ᠳᠠᠭᠤᠰᠬᠤ ᠡᠵᠢ ᠳ᠋ᠡᠭᠡᠨ ᠯᠡ ᠪᠢ ᠬᠠᠢᠷᠠᠲᠠᠢ
ᠦᠰᠦᠭ ᠠᠮᠢᠯᠠᠭᠤᠯᠤᠭᠴᠢ᠄ ᠰᠣᠨᠢᠨᠪᠠᠶᠠᠷ
ᠬᠢᠨᠠᠭᠴᠢ᠄ ᠲᠦᠮᠡᠨᠴᠡᠴᠡᠭ
