ᠡᠩᠭᠡᠷ ᠦ᠋ᠨ ᠬᠣᠶᠠᠷ ᠬᠠᠢᠯᠠᠰᠤ-ᠮᠥᠩᠬᠡᠲᠡᠮᠦᠷ᠂ ᠰᠡᠴᠡᠨЭнгэрийн хоёр хайлс-Мөнхтөмөр, Цэцэн
ᠡᠩᠭᠡᠷ ᠦ᠋ᠨ ᠬᠣᠶᠠᠷ ᠬᠠᠢᠯᠠᠰᠤ
ᠳᠠᠭᠤᠴᠢᠨ᠄ ᠮᠥᠩᠬᠡᠲᠡᠮᠦᠷ᠂ ᠰᠡᠴᠡᠨ
ᠠᠶ᠎ᠠ᠄ ᠷᠡᠩᠴᠢᠨᠨᠢᠮᠠ ᠶ᠋ᠢᠨ ᠰᠡᠴᠡᠨᠪᠠᠭᠠᠲᠤᠷ
ᠡᠩᠭᠡᠷ ᠦ᠋ᠨ ᠬᠣᠶᠠᠷ ᠬᠠᠢᠯᠠᠰᠤ ᠨᠢ ᠬᠦ
ᠡᠭᠡᠯᠢ ᠲᠡᠢ ᠨᠠᠢᠷ ᠲᠠᠢ ᠴᠡᠯᠭᠡᠷᠡᠨᠡ ᠠ᠋ ᠬᠦ
ᠡᠷᠢᠬᠡᠨ ᠦ᠌ ᠬᠡᠯᠬᠢᠶ᠎ᠡ ᠰᠢᠭ ᠡᠳᠦᠷ ᠦ᠋ᠳ ᠲᠦ᠍
ᠡᠭᠡᠨᠡᠭᠰᠢᠨ ᠢᠵᠢᠯᠢᠳᠦᠨ ᠡᠷᠬᠡᠯᠡᠨ᠎ᠡ ᠬᠦ
ᠨᠥᠮᠥᠷᠢ ᠶ᠋ᠢᠨ ᠬᠣᠶᠠᠷ ᠬᠠᠢᠯᠠᠰᠤ ᠨᠢ ᠬᠦ
ᠨᠦᠮᠵᠦᠭ ᠲᠡᠢ ᠪᠠᠷ᠎ᠠ ᠲᠠᠢ ᠰᠦᠭᠯᠡᠢᠨᠡ ᠳᠡ ᠬᠦ
ᠨᠥᠬᠥᠵᠦ ᠪᠣᠯᠳᠠᠭ ᠦᠭᠡᠢ ᠡᠨᠡᠬᠡᠨ ᠵᠠᠶᠠᠭᠠᠨ ᠳ᠋ᠠᠭᠠᠨ
ᠨᠡᠭᠦᠳᠡᠯ ᠦ᠋ᠨ ᠠᠩᠭᠢᠷ ᠰᠢᠭ᠋ ᠬᠣᠣᠰᠯᠠᠨ᠎ᠠ
ᠬᠣᠩᠭᠣᠷ ᠬᠣᠶᠠᠷ ᠬᠠᠢᠯᠠᠰᠤ ᠨᠢ ᠬᠦ
ᠬᠡᠢᠮᠣᠷᠢ ᠲᠠᠢ ᠰᠦᠷ ᠲᠡᠢ ᠰᠦᠮᠪᠦᠷᠯᠡᠨᠡ ᠬᠦ
ᠬᠠᠲᠠᠭᠤ ᠲᠠᠢ ᠵᠥᠭᠡᠯᠡᠨ ᠲᠡᠢ ᠽᠠᠨᠪᠤᠯᠢᠩ ᠳ᠋ᠠᠭᠠᠨ
ᠬᠠᠨᠢ ᠶ᠋ᠢᠨ ᠵᠠᠶᠠᠭ᠎ᠠ ᠲᠠᠢ ᠭᠠᠩᠭᠠᠷᠠᠨ᠎ᠠ ᠬᠦ
ᠬᠠᠲᠠᠭᠤ ᠲᠠᠢ ᠵᠥᠭᠡᠯᠡᠨ ᠲᠡᠢ ᠽᠠᠨᠪᠤᠯᠢᠩ ᠳ᠋ᠠᠭᠠᠨ
ᠬᠠᠨᠢ ᠶ᠋ᠢᠨ ᠵᠠᠶᠠᠭ᠎ᠠ ᠲᠠᠢ ᠭᠠᠩᠭᠠᠷᠠᠨ᠎ᠠ ᠬᠦ
ᠭᠠᠩᠭᠠᠷᠠᠨ᠎ᠠ ᠬᠦ
ᠦᠰᠦᠭ ᠠᠮᠢᠯᠠᠭᠤᠯᠤᠭᠰᠠᠨ ᠨᠢ᠄ ᠮᠥᠩᠭᠥᠨ
ᠬᠢᠨᠠᠭᠴᠢ᠄ ᠲᠣᠳᠣᠭᠡᠷᠡᠯ
