ᠪᠤᠶᠠᠨᠲᠠᠢ ᠪᠤᠭᠤᠷᠤᠯ ᠠᠪᠤ -ᠠᠯᠲᠠᠨᠴᠡᠴᠡᠭ Буянтай буурал аав -Алтанцэцэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠶᠠᠨᠲᠠᠢ ᠪᠤᠭᠤᠷᠤᠯ ᠠᠪᠤ -ᠠᠯᠲᠠᠨᠴᠡᠴᠡᠭ Буянтай буурал аав -Алтанцэцэг

ᠪᠤᠶᠠᠨᠲᠠᠢ ᠪᠤᠭᠤᠷᠤᠯ ᠠᠪᠤ -ᠠᠯᠲᠠᠨᠴᠡᠴᠡᠭ Буянтай буурал аав -Алтанцэцэг

ᠠᠩᠭᠢᠯᠠᠯ:ᠳᠠᠭᠤᠤ ᠬᠥᠭᠵᠢᠮ
2025-02-10

2228

  
             ᠰᠢᠯᠦᠭ᠄ ᠪᠡ᠊᠂ ᠣᠰᠥᠷ 
             ᠠᠶᠠᠯᠭᠤ᠄ ᠰ᠂ ᠡᠩᠬᠡᠪᠠᠶᠠᠷ 
             ᠠᠯᠲᠠᠨᠴᠡᠴᠡᠭ ᠳᠠᠭᠤᠯᠠᠪᠠ

 ᠪᠣᠢᠯᠠᠩᠬᠠᠨ ᠬᠣᠴᠣᠷᠤᠭᠰᠠᠨ ᠪᠣᠲᠣᠭᠣ ᠮᠢᠨᠢ 
 ᠪᠤᠯᠠᠭᠠᠩᠬᠠᠨ ᠬᠠᠯᠢᠭᠤᠨ ᠠᠲᠠ ᠪᠣᠯᠤᠭ᠎ᠠ ᠤᠤ 
 ᠪᠤᠶᠠᠨᠲᠠᠢ ᠪᠤᠭᠤᠷᠤᠯ ᠠᠪᠤ ᠲᠠ ᠮᠢᠨᠢ 
 ᠪᠤᠷᠠᠨᠲᠠᠭ ᠢ᠋ ᠮᠢᠨᠢ ᠰᠡᠯᠪᠢᠭᠡᠳ ᠬᠦᠯᠢᠶᠡᠵᠦ ᠪᠠᠢᠨ᠎ᠠ ᠤᠤ 
    ᠪᠤᠴᠠᠭᠠᠳ ᠣᠴᠢᠬᠤ ᠶ᠋ᠢ ᠪᠠᠷᠠᠯᠠᠵᠤ ᠰᠠᠭᠤᠳᠠᠭ 
    ᠪᠤᠱᠤᠭᠠᠲᠠᠢᠬᠠᠨ ᠭᠡᠷ ᠦ᠋ᠨ ᠮᠢᠨᠢ 
    ᠪᠤᠠ᠋ᠳᠠ ᠶᠤᠮ ᠳᠠ 
    ᠪᠤᠠ᠋ᠳᠠ ᠶᠤᠮ ᠳᠠ  
 ᠬᠠᠩᠭᠢᠨᠠᠩᠬᠠᠨ ᠢᠨᠴᠠᠭᠠᠳᠠᠭ ᠤᠨᠠᠭ᠎ᠠ ᠮᠢᠨᠢ 
 ᠬᠠᠯᠢᠩᠬᠠᠨ ᠳᠡᠭᠦᠯᠢᠳᠡᠭ ᠬᠦᠯᠦᠭ ᠪᠣᠯᠤᠭ᠎ᠠ ᠤᠤ 
 ᠬᠠᠰᠢᠷ ᠪᠤᠭᠤᠷᠤᠯ ᠠᠪᠤ ᠲᠠ ᠮᠢᠨᠢ 
 ᠬᠠᠵᠠᠭᠠᠷ ᠢ᠋ ᠮᠢᠨᠢ ᠰᠡᠯᠪᠢᠭᠡᠳ ᠬᠦᠯᠢᠶᠡᠵᠦ ᠪᠠᠢᠨ᠎ᠠ ᠤᠤ 
    ᠬᠠᠷᠢᠭᠠᠳ ᠣᠴᠢᠬᠤ ᠶ᠋ᠢ ᠬᠠᠷᠠᠵᠤ ᠰᠠᠭᠤᠳᠠᠭ 
    ᠬᠠᠨᠠᠳᠠᠢᠬᠠᠨ ᠭᠡᠷ ᠦ᠋ᠨ ᠮᠢᠨᠢ 
    ᠬᠠᠭᠠᠨ ᠶᠤᠮ ᠳᠠ 
    ᠬᠠᠭᠠᠨ ᠶᠤᠮ ᠳᠠ  
 ᠰᠤᠳᠠᠯ ᠳᠠᠭᠠᠭᠠᠳ ᠡᠷᠭᠢᠯᠳᠦᠨ᠎ᠡ ᠭᠡᠳᠡᠭ 
 ᠰᠠᠭᠤᠲᠠᠯᠲᠠᠢ ᠰᠠᠢᠬᠠᠨ ᠨᠤᠲᠤᠭ ᠪᠠᠢᠨ᠎ᠠ ᠬᠦ 
 ᠰᠤᠷᠠᠭ ᠲᠠᠯᠪᠢᠭᠠᠳ ᠡᠨᠡᠷᠢᠨ᠎ᠡ ᠭᠡᠳᠡᠭ 
 ᠰᠤᠷᠭᠠᠯ ᠢ᠋ᠶ᠋ᠠᠨ ᠠᠢᠯᠠᠳᠤᠭᠰᠠᠨ ᠠᠪᠤ ᠮᠢᠨᠢ ᠪᠠᠢᠨ᠎ᠠ ᠬᠦ 
    ᠬᠠᠳᠠᠭ ᠢ᠋ᠶ᠋ᠠᠨ ᠡᠷᠭᠦᠭᠡᠳ ᠬᠦᠦ ᠴᠢᠨᠢ ᠣᠴᠢᠨ᠎ᠠ 
    ᠬᠠᠢᠷ᠎ᠠ ᠪᠠᠨ ᠥᠭᠭᠦᠭᠡᠳ 
    ᠠᠪᠤ ᠮᠢᠨᠢ ᠦᠨᠦᠰᠦᠨ᠎ᠡ 
    ᠠᠪᠤ ᠮᠢᠨᠢ ᠦᠨᠦᠰᠦᠨ᠎ᠡ  
    ᠬᠠᠳᠠᠭ ᠢ᠋ᠶ᠋ᠠᠨ ᠡᠷᠭᠦᠭᠡᠳ ᠬᠦᠦ ᠴᠢᠨᠢ ᠣᠴᠢᠨ᠎ᠠ 
    ᠬᠠᠢᠷ᠎ᠠ ᠪᠠᠨ ᠥᠭᠭᠦᠭᠡᠳ 
    ᠠᠪᠤ ᠮᠢᠨᠢ ᠦᠨᠦᠰᠦᠨ᠎ᠡ 
    ᠠᠪᠤ ᠮᠢᠨᠢ ᠦᠨᠦᠰᠦᠨ᠎ᠡ 

        ᠦᠰᠦᠭ ᠠᠮᠢᠯᠠᠭᠤᠯᠤᠭᠴᠢ᠄ ᠣᠳᠣᠩᠭᠤᠸ᠎ᠠ᠂ 
            ᠲᠣᠪᠴᠢ ᠬᠢᠨᠠᠭᠴᠢ᠄ ᠰᠠᠷᠠᠨᠲᠤᠶᠠᠭ᠎ᠠ《ᠬᠠᠩᠭᠢᠨ ᠬᠣᠰᠢᠭᠤ》