ᠴᠢᠮ᠎ᠠ ᠪᠠᠷ ᠶ᠋ᠢᠠᠨ ᠭᠤᠶᠤᠨ᠎ᠠ – ᠦᠭᠡ᠄ ᠠᠯᠲᠠᠨᠬᠤᠶᠠᠭ ‍ᠤᠨ ᠰᠠᠩᠵᠢᠳᠲᠡᠮᠦᠷ᠂ ᠠᠶ᠎ᠠ᠄ ᠰ ᠬᠠᠯᠲᠠᠷ᠂ ᠳᠠᠭᠤᠴᠢᠨ᠄ ᠬ ᠬᠥᠭᠵᠢᠯᠪᠠᠭᠠᠲᠤᠷ᠂ ᠳ ᠠᠯᠲᠠᠨᠴᠡᠴᠡᠭ Чамаараа гоёно – үг᠄ А. Санжиттөмөр᠂ ая᠄ С.Халтар᠂ Дуучин᠄ Х.Хөгжилбаатар᠂Д.Алтанцэцэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠮ᠎ᠠ ᠪᠠᠷ ᠶ᠋ᠢᠠᠨ ᠭᠤᠶᠤᠨ᠎ᠠ – ᠦᠭᠡ᠄ ᠠᠯᠲᠠᠨᠬᠤᠶᠠᠭ ‍ᠤᠨ ᠰᠠᠩᠵᠢᠳᠲᠡᠮᠦᠷ᠂ ᠠᠶ᠎ᠠ᠄ ᠰ ᠬᠠᠯᠲᠠᠷ᠂ ᠳᠠᠭᠤᠴᠢᠨ᠄ ᠬ ᠬᠥᠭᠵᠢᠯᠪᠠᠭᠠᠲᠤᠷ᠂ ᠳ ᠠᠯᠲᠠᠨᠴᠡᠴᠡᠭ Чамаараа гоёно – үг᠄ А. Санжиттөмөр᠂ ая᠄ С.Халтар᠂ Дуучин᠄ Х.Хөгжилбаатар᠂Д.Алтанцэцэг

ᠴᠢᠮ᠎ᠠ ᠪᠠᠷ ᠶ᠋ᠢᠠᠨ ᠭᠤᠶᠤᠨ᠎ᠠ – ᠦᠭᠡ᠄ ᠠᠯᠲᠠᠨᠬᠤᠶᠠᠭ ‍ᠤᠨ ᠰᠠᠩᠵᠢᠳᠲᠡᠮᠦᠷ᠂ ᠠᠶ᠎ᠠ᠄ ᠰ ᠬᠠᠯᠲᠠᠷ᠂ ᠳᠠᠭᠤᠴᠢᠨ᠄ ᠬ ᠬᠥᠭᠵᠢᠯᠪᠠᠭᠠᠲᠤᠷ᠂ ᠳ ᠠᠯᠲᠠᠨᠴᠡᠴᠡᠭ Чамаараа гоёно – үг᠄ А. Санжиттөмөр᠂ ая᠄ С.Халтар᠂ Дуучин᠄ Х.Хөгжилбаатар᠂Д.Алтанцэцэг

ᠠᠩᠭᠢᠯᠠᠯ:ᠳᠠᠭᠤᠤ ᠬᠥᠭᠵᠢᠮ
2025-02-09

661

ᠴᠢᠮ᠎ᠠ ᠪᠠᠷ ᠢ᠋ᠶ᠋ᠠᠨ ᠭᠤᠶᠤᠨ᠎ᠠ


            ᠦᠭᠡ᠄ ᠠᠯᠲᠠᠨᠬᠤᠶᠠᠭ ᠤ᠋ᠨ ᠰᠠᠩᠵᠢᠳᠲᠡᠮᠦᠷ 
             ᠠᠶ᠎ᠠ᠄ ᠰᠤᠨᠠᠢᠵᠠᠪ ᠤ᠋ᠨ ᠬᠠᠯᠲᠠᠷ   
             ᠳᠠᠭᠤᠴᠢᠨ᠄ ᠬᠥᠬᠥᠭᠡ ᠶ᠋ᠢᠨ ᠬᠥᠭᠵᠢᠯᠪᠠᠭᠠᠲᠤᠷ 
                      ᠳᠠᠮᠳᠢᠩᠭᠠᠷᠪᠤ ᠶ᠋ᠢᠨ ᠠᠯᠲᠠᠨᠴᠡᠴᠡᠭ   

 ᠬᠠᠪᠤᠷ ᠤ᠋ᠨ ᠴᠡᠴᠡᠭᠡᠰ ᠢ᠋ ᠥᠩᠭᠡ ᠪᠡᠷ ᠢᠵᠢᠯᠢᠳᠦᠭᠦᠯᠦᠭᠡᠳ 
 ᠬᠠᠢᠷ᠎ᠠ ᠶ᠋ᠢᠨ ᠬᠣᠷᠸ᠎ᠠ ᠶ᠋ᠢ ᠴᠢᠮᠡᠭᠯᠡᠨ ᠭᠤᠶᠤᠨ᠎ᠠ ᠳᠠ 
 ᠬᠥᠬᠡ ᠬᠣᠷᠭᠣᠢ ᠪᠠᠷ ᠡᠮᠵᠢᠶᠡᠷᠢ ᠢᠵᠢᠯᠢᠰᠢᠭᠦᠯᠦᠭᠡᠳ 
 ᠬᠦᠯᠦᠭ ᠦ᠋ᠨ ᠵᠤᠤᠵᠠᠢ ᠬᠣᠯᠪᠣᠵᠤ ᠬᠠᠲᠠᠷᠢᠭᠤᠯᠤᠨ᠎ᠠ ᠳᠠ 
 ᠴᠢᠮ᠎ᠠ ᠪᠠᠷ ᠢ᠋ᠶ᠋ᠠᠨ ᠪᠢ ᠮᠥᠷᠥᠭᠡᠳᠦᠯ ᠢ᠋ᠶ᠋ᠡᠨ ᠭᠤᠶᠤᠨ᠎ᠠ 
 ᠴᠢᠮ᠎ᠠ ᠪᠠᠷ ᠢ᠋ᠶ᠋ᠠᠨ ᠪᠢ ᠮᠥᠩᠬᠡᠳᠡ ᠭᠤᠶᠤᠨ᠎ᠠ ᠳᠠ 

 ᠠᠩᠬᠠᠨ ᠤ᠋ ᠪᠣᠷᠣᠭᠠᠨ ᠳ᠋ᠤ᠌ ᠰᠢᠬᠦᠷ ᠢ᠋ᠶ᠋ᠡᠨ ᠳᠡᠯᠭᠡᠭᠡᠳ 
 ᠠᠯᠢᠮᠠᠨ ᠤᠷᠤᠭᠤᠯ ᠢ᠋ᠶ᠋ᠠᠷ ᠬᠠᠢᠷ᠎ᠠ ᠰᠡᠢᠯᠦᠨ᠎ᠡ ᠳᠡ 
 ᠠᠷᠢᠭᠤᠨ ᠰᠡᠳᠬᠢᠯ ᠢ᠋ᠶ᠋ᠡᠷ ᠳᠤᠷᠠᠯᠠᠯ ᠳ᠋ᠤ᠌ ᠲᠡᠮᠡᠦᠯᠦᠭᠰᠡᠭᠡᠷ 
 ᠠᠮᠢᠳᠤᠷᠠᠯ ᠤ᠋ᠨ ᠪᠣᠱᠣᠭ᠎ᠠ ᠶ᠋ᠢ ᠵᠢᠷᠦᠬᠡ ᠪᠡᠷ ᠲᠠᠮᠠᠭᠠᠯᠠᠨ᠎ᠠ ᠳᠠ 
 ᠴᠢᠮ᠎ᠠ ᠪᠠᠷ ᠢ᠋ᠶ᠋ᠠᠨ ᠪᠢ ᠢᠲᠡᠭᠡᠯ ᠢ᠋ᠶ᠋ᠡᠨ ᠭᠤᠶᠤᠨ᠎ᠠ 
 ᠴᠢᠮ᠎ᠠ ᠪᠠᠷ ᠢ᠋ᠶ᠋ᠠᠨ ᠪᠢ ᠢᠨᠢᠶᠡᠳᠦ ᠪᠡᠨ ᠭᠤᠶᠤᠨ᠎ᠠ ᠳᠠ  

 ᠨᠠᠪᠴᠢᠰ ᠤ᠋ᠨ ᠭᠤᠨᠢᠭ ᠢ᠋ᠶ᠋ᠠᠷ ᠪᠣᠳᠣᠯ ᠢ᠋ᠶ᠋ᠠᠨ ᠠᠷᠭᠠᠳᠠᠭᠠᠳ 
 ᠨᠠᠮᠤᠷ ᠤ᠋ᠨ ᠰᠠᠷ᠎ᠠ ᠳ᠋ᠠᠭᠠᠨ ᠨᠠᠢᠷ ᠢ᠋ᠶ᠋ᠠᠷ ᠲᠣᠪᠯᠠᠨ᠎ᠠ ᠳᠠ 
 ᠨᠠᠯᠠᠭᠠᠷᠬᠠᠨ ᠲᠠᠯ᠎ᠠ ᠳ᠋ᠠᠭᠠᠨ ᠲᠣᠭᠣᠨᠣ ᠪᠠᠨ ᠡᠷᠭᠦᠯᠴᠡᠭᠡᠳ 
 ᠨᠠᠨᠵᠢ ᠸᠠᠩᠲᠠᠨ ᠬᠠᠳᠠᠭ ᠢ᠋ᠶ᠋ᠠᠷ ᠢᠷᠦᠭᠡᠯ ᠢ᠋ᠶ᠋ᠡᠨ ᠵᠠᠩᠭᠢᠳᠤᠨ᠎ᠠ ᠳᠠ 
 ᠴᠢᠮ᠎ᠠ ᠪᠠᠷ ᠢ᠋ᠶ᠋ᠠᠨ ᠪᠢ ᠰᠡᠳᠬᠢᠯ ᠢ᠋ᠶ᠋ᠡᠨ ᠭᠤᠶᠤᠨ᠎ᠠ 
 ᠴᠢᠮ᠎ᠠ ᠪᠠᠷ ᠢ᠋ᠶ᠋ᠠᠨ ᠪᠢ ᠠᠮᠢᠳᠤᠷᠠᠯ ᠢ᠋ᠶ᠋ᠠᠨ ᠭᠤᠶᠤᠨ᠎ᠠ ᠳᠠ 
 ᠴᠢᠮ᠎ᠠ ᠪᠠᠷ ᠢ᠋ᠶ᠋ᠠᠨ ᠪᠢ ᠰᠡᠳᠬᠢᠯ ᠢ᠋ᠶ᠋ᠡᠨ ᠭᠤᠶᠤᠨ᠎ᠠ 
 ᠴᠢᠮ᠎ᠠ ᠪᠠᠷ ᠢ᠋ᠶ᠋ᠠᠨ ᠪᠢ ᠠᠮᠢᠳᠤᠷᠠᠯ ᠢ᠋ᠶ᠋ᠠᠨ ᠭᠤᠶᠤᠨ᠎ᠠ ᠳᠠ 
 ᠴᠢᠮ᠎ᠠ ᠪᠠᠷ ᠢ᠋ᠶ᠋ᠠᠨ ᠪᠢ ᠮᠥᠩᠬᠡᠳᠡ ᠭᠤᠶᠤᠨ᠎ᠠ  

        ᠦᠰᠦᠭ ᠠᠮᠢᠯᠠᠭᠤᠯᠤᠭᠴᠢ᠄ ᠡᠩᠬᠡᠪᠠᠲᠤ  
           ᠦᠰᠦᠭ ᠬᠢᠨᠠᠭᠴᠢ᠄ ᠪᠠᠶᠠᠷᠴᠡᠴᠡᠭ