ᠵᠢᠷᠭᠠᠯ ᠤ᠋ᠨ ᠲᠦᠷᠡᠯᠭᠡ ᠲᠡᠢ ᠡᠬᠡ ᠣᠷᠣᠨЖаргалын түрэлгэтэй эх орон ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠭᠠᠯ ᠤ᠋ᠨ ᠲᠦᠷᠡᠯᠭᠡ ᠲᠡᠢ ᠡᠬᠡ ᠣᠷᠣᠨЖаргалын түрэлгэтэй эх орон

ᠵᠢᠷᠭᠠᠯ ᠤ᠋ᠨ ᠲᠦᠷᠡᠯᠭᠡ ᠲᠡᠢ ᠡᠬᠡ ᠣᠷᠣᠨЖаргалын түрэлгэтэй эх орон

ᠠᠩᠭᠢᠯᠠᠯ:ᠳᠠᠭᠤᠤ ᠬᠥᠭᠵᠢᠮ
2025-02-09

915

ᠵᠢᠷᠭᠠᠯ ᠤ᠋ᠨ ᠲᠦᠷᠡᠯᠭᠡ ᠲᠡᠢ ᠡᠬᠡ ᠣᠷᠣᠨ

  ᠦᠭᠡ᠄ ᠳ᠋ᠠ᠊· ᠪᠠᠭᠠᠲᠤᠷ 
  ᠠᠶ᠎ᠠ᠄ ᠳ᠋ᠤ᠌· ᠤᠯᠠᠭᠠᠨᠪᠠᠭᠠᠲᠤᠷ 
  ᠪᠥᠵᠢᠭ ᠦ᠋ᠨ ᠨᠠᠢᠷᠠᠭᠤᠯᠤᠭᠴᠢ᠄ ᠲᠠᠩᠭᠢᠰ 
  ᠬᠡᠦᠬᠡᠳ ᠦ᠋ᠨ ᠵᠢᠯᠣᠭᠣᠳᠤᠭᠴᠢ᠄ ᠰᠠᠷᠠᠩᠭᠤᠸ᠎ᠠ ᠴᠣᠯᠮᠣᠨᠴᠡᠴᠡᠭ 
  ᠬᠠᠳᠠ ᠱᠤᠭᠠᠷᠰᠦ᠋ᠷᠥᠩ ᠪᠤᠶᠠᠨ᠌ᠥ᠌ᠭᠡᠳᠡᠯᠡᠬᠦ ᠰᠣᠷᠭᠣᠭ ᠨᠠᠬᠢᠶ᠎ᠠ ᠪᠤᠶᠠᠨᠴᠣᠭᠲᠤ ᠴᠡᠯᠮᠡᠭ ᠳᠠᠭᠤᠯᠠᠨ᠎ᠠ 

ᠵᠡᠭᠦᠨ ᠦᠵᠦᠮᠦᠴᠢᠨ ᠬᠤᠰᠢᠭᠤᠨ ᠤ᠋ ᠤᠯᠠᠭᠠᠨ᠌ᠮᠦ᠋ᠴᠢᠷ
ᠪᠠᠷᠠᠭᠤᠨ ᠦᠵᠦᠮᠦᠴᠢᠨ ᠬᠤᠰᠢᠭᠤᠨ ᠤ᠋ ᠤᠯᠠᠭᠠᠨᠮᠦ᠋ᠴᠷ
ᠵᠡᠭᠦᠨ ᠦᠵᠦᠮᠦᠴᠢᠨ ᠬᠤᠰᠢᠭᠤᠨ ᠤ᠋ ᠰᠠᠷᠠᠩᠭᠤᠸ᠎ᠠ ᠪᠥᠵᠢᠭ ᠦ᠋ᠨ ᠪᠦᠯᠬᠦᠮ
ᠴᠣᠯᠮᠣᠨ ᠪᠥᠵᠢᠭ ᠦ᠋ᠨ ᠪᠦᠯᠬᠦᠮ ᠦ᠋ᠨ ᠬᠢᠨ ᠪᠥᠵᠢᠭ ᠬᠠᠪᠰᠤᠷᠭᠠᠨ᠎ᠠ

1. ᠪᠣᠲᠣᠭᠣᠨ ᠪᠤᠢᠯᠠᠭᠠᠨᠲᠤ ᠬᠠᠪᠤᠷ ᠤ᠋ᠨ ᠬᠥᠨᠳᠡᠢ ᠳ᠋ᠦ᠍ ᠢᠷᠭᠤᠢ ᠨᠢ ᠨᠡᠮᠡᠭᠦᠬᠡᠨ
ᠪᠤᠮᠠᠨ ᠴᠡᠴᠡᠭᠲᠦ ᠵᠤᠨ ᠤ᠋ ᠳᠡᠨᠵᠢᠨ ᠳ᠋ᠦ᠍ ᠣᠬᠢ ᠨᠢ ᠰᠡᠷᠭᠦᠯᠡᠩᠬᠡᠨ
ᠰᠢᠪᠠᠭᠤᠳ ᠴᠤᠭᠯᠠᠭᠰᠠᠨ ᠨᠠᠮᠤᠷ ᠤ᠋ᠨ ᠨᠠᠭᠤᠷ ᠲᠤ᠌ ᠳᠣᠯᠭᠢᠶ᠎ᠠ ᠨᠢ ᠡᠮᠵᠡᠭᠬᠡᠨ
ᠱᠣᠩᠬᠣᠷ ᠳᠡᠭᠦᠯᠢᠭᠰᠡᠨ ᠡᠪᠦᠯ ᠦ᠋ᠨ ᠠᠭᠤᠯᠠᠨ ᠳ᠋ᠤ᠌ ᠲᠤᠷᠤᠭ ᠨᠢ ᠥᠯᠴᠢᠷᠬᠡᠨ

2. ᠠᠵᠠ ᠵᠢᠷᠭᠠᠯ ᠤ᠋ᠨ ᠪᠤᠶᠠᠨ ᠬᠤᠷᠠᠭᠰᠠᠨ ᠨᠤᠲᠤᠭ ᠤᠰᠤ ᠮᠢᠨᠢ ᠠ᠋
ᠠᠮᠤᠭᠤᠯᠠᠩ ᠲᠥᠷᠥ ᠶ᠋ᠢᠨ ᠬᠡᠰᠢᠭ ᠢᠪᠡᠭᠡᠭᠰᠡᠨ ᠡᠬᠡ ᠣᠷᠣᠨ ᠮᠢᠨᠢ
ᠠᠷᠢᠭᠤᠨ ᠦᠢᠯᠡᠰ ᠦ᠋ᠨ ᠬᠡᠢᠮᠣᠷᠢ ᠮᠠᠨᠳᠤᠭᠰᠠᠨ ᠨᠤᠲᠤᠭ ᠤᠰᠤ ᠮᠢᠨᠢ ᠠ᠋
ᠠᠳᠠᠪᠠᠰᠢ ᠨᠠᠢᠷ ᠤ᠋ᠨ ᠲᠦᠷᠡᠯᠭᠡ ᠬᠠᠩᠭᠢᠨᠠᠭᠰᠠᠨ ᠡᠬᠡ ᠣᠷᠣᠨ ᠮᠢᠨᠢ

ᠠᠵᠠ ᠵᠢᠷᠭᠠᠯ ᠤ᠋ᠨ ᠪᠤᠶᠠᠨ ᠬᠤᠷᠠᠭᠰᠠᠨ ᠨᠤᠲᠤᠭ ᠤᠰᠤ ᠮᠢᠨᠢ ᠠ᠋
ᠠᠮᠤᠭᠤᠯᠠᠩ ᠲᠥᠷᠥ ᠶ᠋ᠢᠨ ᠬᠡᠰᠢᠭ ᠢᠪᠡᠭᠡᠭᠰᠡᠨ ᠡᠬᠡ ᠣᠷᠣᠨ ᠮᠢᠨᠢ
ᠠᠷᠢᠭᠤᠨ ᠦᠢᠯᠡᠰ ᠦ᠋ᠨ ᠬᠡᠢᠮᠣᠷᠢ ᠮᠠᠨᠳᠤᠭᠰᠠᠨ ᠨᠤᠲᠤᠭ ᠤᠰᠤ ᠮᠢᠨᠢ ᠠ᠋
ᠠᠳᠠᠪᠠᠰᠢ ᠨᠠᠢᠷ ᠤ᠋ᠨ ᠲᠦᠷᠡᠯᠭᠡ ᠬᠠᠩᠭᠢᠨᠠᠭᠰᠠᠨ ᠡᠬᠡ ᠣᠷᠣᠨ ᠮᠢᠨᠢ
ᠡᠬᠡ ᠣᠷᠣᠨ ᠮᠢᠨᠢ

  ᠦᠰᠦᠭ ᠠᠮᠢᠯᠠᠭᠤᠯᠤᠭᠴᠢ᠄ ᠪᠠᠢ ᠰᠠᠷᠠᠨ᠎ᠠ
  ᠬᠢᠨᠠᠭᠴᠢ᠄ ᠨᠠᠷᠠᠨᠲᠤᠶᠠᠭ᠎ᠠ