ᠪᠦᠰᠡᠭᠦᠢ-ᠬᠤᠷᠳᠤ ᠬᠠᠮᠲᠤᠯᠢᠭБүсгүй-Хурд уск ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠰᠡᠭᠦᠢ-ᠬᠤᠷᠳᠤ ᠬᠠᠮᠲᠤᠯᠢᠭБүсгүй-Хурд уск

ᠪᠦᠰᠡᠭᠦᠢ-ᠬᠤᠷᠳᠤ ᠬᠠᠮᠲᠤᠯᠢᠭБүсгүй-Хурд уск

ᠠᠩᠭᠢᠯᠠᠯ:ᠳᠠᠭᠤᠤ ᠬᠥᠭᠵᠢᠮ
2025-02-09

659

ᠪᠦᠰᠡᠭᠦᠢ

    ᠦᠭᠡ᠄  ᠬ· ᠴᠢᠯᠠᠵᠠᠪ 
    ᠠᠶ᠎ᠠ᠄ ᠰ· ᠢᠱ‍᠌ᠢᠬᠦᠦ 
    ᠳᠠᠭᠤᠴᠢᠨ᠄ ᠬᠤᠷᠳᠤ ᠬᠠᠮᠲᠤᠯᠢᠭ 

ᠡᠷᠬᠡᠯᠡᠭᠡᠳ ᠬᠠᠨᠳᠠᠭ ᠦᠭᠡᠢ  ᠵᠢᠷᠦᠬᠡ ᠶ᠋ᠢ ᠴᠢᠨᠢ ᠶᠠᠭᠠᠬᠢᠯᠲᠠᠢ 
ᠡᠩᠬᠦᠷᠡᠢ ᠴᠠᠢᠯᠭᠠᠨ ᠪᠦᠰᠡᠭᠦᠢ ᠮᠢᠨᠢ 
ᠡᠩᠭᠡᠷ ᠦ᠋ᠨ ᠴᠢᠨᠢ ᠦᠨᠦᠷ ᠢ᠋ ᠮᠠᠷᠲᠠᠵᠤ ᠴᠢᠳᠠᠮ᠎ᠠ ᠦᠭᠡᠢ 
ᠡᠨᠡ ᠯᠡ ᠨᠠᠰᠤ ᠪᠡᠷ ᠢ᠋ᠶ᠋ᠡᠨ ᠪᠢ ᠦᠭᠡᠢᠯᠡᠵᠦ ᠶᠠᠪᠤᠬᠤ ᠨᠢ ᠳᠡ 
ᠠ᠋ ᠳᠠ ᠮᠢᠨᠦ ᠯᠡ ᠡᠩᠬᠦᠷᠡᠢ 
ᠡᠶᠡᠯᠳᠡᠭ ᠳᠥᠯᠭᠡᠨ ᠪᠦᠰᠡᠭᠦᠢ ᠮᠢᠨᠢ 
ᠳᠤᠲᠠᠭᠤ ᠣᠷᠬᠢᠭᠰᠠᠨ ᠵᠢᠷᠭᠠᠯ ᠢ᠋ᠶ᠋ᠠᠨ 
ᠳᠠᠭᠤᠤ ᠪᠠᠷ ᠢ᠋ᠶ᠋ᠠᠨ ᠪᠢ ᠴᠢᠨᠢ ᠨᠥᠬᠥᠵᠦ ᠶᠠᠪᠤᠬᠤ ᠨᠢ ᠳᠡ 

ᠠᠰᠬᠠᠷᠠᠭᠠᠳ ᠲᠣᠭᠲᠠᠳᠠᠭ ᠦᠭᠡᠢ ᠨᠢᠯᠪᠤᠰᠤ ᠶ᠋ᠢ ᠴᠢᠨᠢ ᠶᠠᠭᠠᠬᠢᠯᠲᠠᠢ 
ᠠᠮᠢᠳᠤᠷᠠᠯ ᠳᠠᠭᠠᠭᠠᠭᠰᠠᠨ ᠪᠦᠰᠡᠭᠦᠢ ᠮᠢᠨᠢ 
ᠠᠯᠬᠤᠭ᠎ᠠ ᠶ᠋ᠢ ᠴᠢᠨᠢ ᠬᠦᠷᠲᠡᠯ᠎ᠡ ᠮᠠᠷᠲᠠᠵᠤ ᠴᠢᠳᠠᠮ᠎ᠠ ᠦᠭᠡᠢ 
ᠠᠷᠢᠭᠤᠬᠠᠨ ᠳᠤᠷᠠᠯᠠᠯ ᠳ᠋ᠠᠭᠠᠨ ᠰᠢᠳᠡᠵᠦ ᠶᠠᠪᠤᠬᠤ ᠨᠢ ᠳᠡ
ᠠᠢ ᠳᠠ ᠮᠢᠨᠦ ᠯᠡ ᠡᠩᠬᠦᠷᠡᠢ
ᠠᠶᠠᠯᠭᠤ ᠪᠣᠯᠤᠭᠰᠠᠨ ᠪᠦᠰᠡᠭᠦᠢ ᠮᠢᠨᠢ
ᠠᠮᠰᠠᠭᠠᠳ ᠬᠠᠨᠤᠭ᠎ᠠ ᠦᠭᠡᠢ ᠵᠢᠷᠭᠠᠯ ᠢ᠋ᠶ᠋ᠠᠨ
ᠠᠶᠠᠯᠭᠤᠲᠤ ᠳᠠᠭᠤᠤ ᠪᠠᠷ ᠢ᠋ᠶ᠋ᠠᠨ ᠨᠥᠬᠥᠵᠦ ᠶᠠᠪᠤᠬᠤ ᠨᠢ ᠳᠡ
ᠠᠮᠰᠠᠭᠠᠳ ᠬᠠᠨᠤᠭ᠎ᠠ ᠦᠭᠡᠢ ᠵᠢᠷᠭᠠᠯ ᠢ᠋ᠶ᠋ᠠᠨ
ᠠᠶᠠᠯᠭᠤᠲᠤ ᠳᠠᠭᠤᠤ ᠪᠠᠷ ᠢ᠋ᠶ᠋ᠠᠨ ᠨᠥᠬᠥᠵᠦ ᠶᠠᠪᠤᠬᠤ ᠨᠢ ᠳᠡ

ᠬᠣᠷᠭᠣᠳᠠᠭᠠᠳ ᠬᠣᠯᠠᠳᠠᠳᠠᠭ ᠦᠭᠡᠢ ᠵᠢᠷᠦᠬᠡ ᠪᠡᠨ ᠪᠢ ᠶᠠᠭᠠᠬᠢᠯᠲᠠᠢ
ᠬᠣᠵᠢᠮᠳᠠᠵᠤ ᠢᠷᠡᠭᠰᠡᠨ ᠪᠦᠰᠡᠭᠦᠢ ᠮᠢᠨᠢ
ᠬᠠᠷᠠᠴᠠ ᠪᠠᠨ ᠬᠦᠷᠲᠡᠯ᠎ᠡ ᠨᠢᠭᠤᠵᠤ ᠬᠠᠢᠷᠠᠯᠠᠭᠰᠠᠨ
ᠬᠠᠲᠠᠭᠤᠬᠠᠨ ᠲᠠᠪᠢᠯᠠᠩ ᠳ᠋ᠠᠭᠠᠨ ᠭᠠᠩᠰᠠᠷᠠᠵᠤ ᠶᠠᠪᠤᠬᠤ ᠨᠢ ᠳᠡ
ᠠ᠋ ᠳᠠ ᠮᠢᠨᠦ ᠯᠡ ᠡᠩᠬᠦᠷᠡᠢ
ᠡᠶᠡᠯᠳᠡᠭ ᠳᠥᠯᠭᠡᠨ ᠪᠦᠰᠡᠭᠦᠢ ᠮᠢᠨᠢ
ᠳᠤᠲᠠᠭᠤ ᠣᠷᠬᠢᠭᠰᠠᠨ ᠵᠢᠷᠭᠠᠯ ᠢ᠋ᠶ᠋ᠠᠨ
ᠳᠠᠭᠤᠤ ᠪᠠᠷ ᠢ᠋ᠶ᠋ᠠᠨ ᠪᠢ ᠴᠢᠨᠢ ᠨᠥᠬᠥᠵᠦ ᠶᠠᠪᠤᠬᠤ ᠨᠢ ᠳᠡ
ᠠᠢ ᠳᠠ ᠮᠢᠨᠦ ᠯᠡ ᠡᠩᠬᠦᠷᠡᠢ
ᠠᠶᠠᠯᠭᠤ ᠪᠣᠯᠤᠭᠰᠠᠨ ᠪᠦᠰᠡᠭᠦᠢ ᠮᠢᠨᠢ
ᠠᠮᠰᠠᠭᠠᠳ ᠬᠠᠨᠤᠭ᠎ᠠ ᠦᠭᠡᠢ ᠵᠢᠷᠭᠠᠯ ᠢ᠋ᠶ᠋ᠠᠨ
ᠠᠶᠠᠯᠭᠤᠲᠤ ᠳᠠᠭᠤᠤ ᠪᠠᠷ ᠢ᠋ᠶ᠋ᠠᠨ ᠨᠥᠬᠥᠵᠦ ᠶᠠᠪᠤᠬᠤ ᠨᠢ ᠳᠡ

 ᠦᠰᠦᠭ ᠠᠮᠢᠯᠠᠭᠤᠯᠤᠭᠴᠢ᠄ ᠤᠯᠠᠭᠠᠨ
 ᠦᠰᠦᠭ ᠬᠠᠳᠠᠭᠴᠢ᠄ ᠤᠯᠠᠭᠠᠨ
 ᠬᠢᠨᠠᠭᠴᠢ᠄ ᠪᠣᠣ᠂ ᠰᠠᠷᠠᠨ᠎ᠠ