ᠵᠢᠷᠭᠠᠯ ᠤ᠋ᠨ ᠠᠶᠠᠯᠭᠤ ᠲᠠᠢ ᠴᠠᠭᠠᠨ ᠰᠠᠷ᠎ᠠЖаргалын аялгуутай цагаан сар ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠭᠠᠯ ᠤ᠋ᠨ ᠠᠶᠠᠯᠭᠤ ᠲᠠᠢ ᠴᠠᠭᠠᠨ ᠰᠠᠷ᠎ᠠЖаргалын аялгуутай цагаан сар

ᠵᠢᠷᠭᠠᠯ ᠤ᠋ᠨ ᠠᠶᠠᠯᠭᠤ ᠲᠠᠢ ᠴᠠᠭᠠᠨ ᠰᠠᠷ᠎ᠠЖаргалын аялгуутай цагаан сар

ᠠᠩᠭᠢᠯᠠᠯ:ᠳᠠᠭᠤᠤ ᠬᠥᠭᠵᠢᠮ
2025-02-08

825

ᠵᠢᠷᠭᠠᠯ ᠤ᠋ᠨ ᠠᠶᠠᠯᠭᠤ ᠲᠠᠢ ᠴᠠᠭᠠᠨ ᠰᠠᠷ᠎ᠠ

  ᠦᠭᠡ᠄ · ᠡᠷᠬᠢᠮᠪᠠᠶᠠᠷ

  ᠠᠶ᠎ᠠ᠄ ᠨᠠᠨᠳᠢᠨ

  ᠬᠤᠪᠴᠠᠰᠤᠨ ᠤ᠋ ᠲᠥᠰᠦᠪᠯᠡᠭᠴᠢ᠄ ᠤᠶᠠᠩᠭ᠎ᠠ

  ᠬᠡᠦᠬᠡᠳ ᠦ᠋ᠨ ᠵᠢᠯᠣᠭᠣᠳᠤᠭᠴᠢ᠄ ᠡ᠊· ᠰᠣᠷᠭᠣᠭ᠂ ᠨᠠᠷᠭᠢᠯ

  ᠪᠠᠯᠧᠲ ᠪᠥᠵᠢᠭ᠄ ᠴᠢᠨ ᠢᠦᠢ ᠸᠧᠢ

  ᠵᠢᠷᠤᠮᠲᠤ᠂ ᠣᠶᠣᠨ᠎ᠠ᠂ ᠪᠠᠯᠵᠢᠨ᠂ ᠰᠤᠳᠤᠨ᠎ᠠ ᠳᠠᠭᠤᠯᠠᠨ᠎ᠠ


ᠥᠪᠥᠷ ᠮᠣᠩᠭᠣᠯ ᠤ᠋ᠨ ᠤᠷᠠᠯᠢᠭ ᠵᠦᠴᠦᠭᠡ ᠶ᠋ᠢᠨ ᠬᠦᠷᠢᠶᠡᠯᠡᠩ

ᠮᠥᠩᠬᠡ ᠶ᠋ᠢᠨ ᠪᠡᠶᠡᠯᠡᠭᠡ ᠪᠥᠵᠢᠭ ᠦ᠋ᠨ ᠪᠦᠯᠬᠦᠮ

ᠦᠶ᠎ᠡ ᠪᠥᠵᠢᠭ ᠤᠷᠠᠯᠢᠭ ᠤ᠋ᠨ ᠲᠥᠪ ᠦ᠋ᠨ ᠬᠢᠨ ᠪᠥᠵᠢᠭ ᠬᠠᠪᠰᠤᠷᠭᠠᠨ᠎ᠠ


ᠤᠯᠠᠭᠠᠨ ᠬᠠᠴᠠᠷ ᠲᠠᠢ ᠬᠡᠦᠬᠡᠳ ᠲᠣᠭᠯᠠᠭᠠᠳ

ᠳᠤᠯᠠᠭᠠᠨ ᠭᠡᠷ ᠡᠴᠡ ᠤᠲᠤᠭ᠎ᠠ ᠰᠤᠭᠤᠨᠠᠭᠯᠠᠨ᠎ᠠ

ᠴᠠᠩ ᠲᠠᠢ ᠬᠥᠯᠦᠭ ᠤᠶᠠᠭᠠᠨ ᠳ᠋ᠤ᠌ ᠰᠢᠯᠭᠡᠭᠡᠭᠡᠳ

ᠴᠠᠭᠠᠨ ᠲᠠᠯ᠎ᠠ ᠳ᠋ᠤ᠌ ᠮᠢᠨᠢ ᠰᠥᠷᠦᠭ ᠠᠯᠠᠭᠯᠠᠨ᠎ᠠ

ᠵᠢᠷᠭᠠᠯ ᠤ᠋ᠨ ᠠᠶᠠᠯᠭᠤ ᠲᠠᠢ ᠴᠠᠭᠠᠨ ᠰᠠᠷ᠎ᠠ

ᠬᠤᠭᠤᠷ ᠤ᠋ᠨ ᠡᠬᠡᠰᠢᠭ ᠢ᠋ᠶ᠋ᠡᠷ ᠢ᠋ᠶ᠋ᠡᠨ ᠰᠡᠳᠬᠢᠯ ᠢ᠋ ᠪᠠᠶᠠᠰᠬᠠᠨ᠎ᠠ

ᠵᠢᠷᠭᠠᠯ ᠤ᠋ᠨ ᠠᠶᠠᠯᠭᠤ ᠲᠠᠢ ᠴᠠᠭᠠᠨ ᠰᠠᠷ᠎ᠠ

ᠨᠠᠢᠷ ᠤ᠋ᠨ ᠳᠠᠭᠤᠤ ᠪᠠᠷ ᠢ᠋ᠶ᠋ᠠᠨ ᠬᠣᠷᠸ᠎ᠠ ᠶ᠋ᠢ ᠪᠦᠪᠡᠢᠯᠡᠨ᠎ᠡ

ᠡᠩᠬᠡ ᠶ᠋ᠢᠨ ᠬᠠᠳᠠᠭ ᠢ᠋ᠶ᠋ᠠᠨ ᠳᠡᠯᠭᠡᠨ ᠵᠣᠯᠭᠠᠭᠠᠳ

ᠡᠷᠳᠡᠨᠢ ᠶ᠋ᠢᠨ ᠴᠢᠯᠠᠭᠤᠨ ᠬᠥᠭᠡᠷᠭᠡ ᠪᠡᠨ ᠵᠥᠷᠢᠭᠦᠯᠦᠨ᠎ᠡ

ᠪᠤᠭᠤᠷᠤᠯ ᠨᠠᠰᠤᠲᠠᠨ ᠠ᠋ᠴᠠ ᠪᠠᠨ ᠢᠷᠦᠭᠡᠯ ᠲᠣᠰᠤᠭᠠᠳ

ᠪᠤᠶᠠᠨ ᠬᠡᠰᠢᠭ ᠦᠷᠡᠵᠢᠨ ᠳᠡᠯᠭᠡᠷᠡᠨ᠎ᠡ

ᠨᠠᠷᠠᠨ ᠤ᠋ ᠢᠯᠴᠢᠨ ᠳ᠋ᠦ᠍ ᠴᠠᠰᠤ ᠤᠶᠠᠰᠤᠭᠠᠳ

ᠨᠠᠰᠤ ᠨᠡᠮᠡᠭᠳᠡᠨ ᠤᠬᠠᠭᠠᠨ ᠲᠡᠯᠡᠭᠳᠡᠨ᠎ᠡ

ᠠᠵᠠ ᠵᠢᠷᠭᠠᠯ ᠰᠡᠳᠬᠢᠯ ᠳ᠋ᠦ᠍ ᠴᠠᠯᠭᠢᠭᠠᠳ

ᠠᠰᠢᠳᠠ ᠶ᠋ᠢᠨ ᠰᠠᠢᠬᠠᠨ ᠢᠷᠦᠭᠡᠯ ᠲᠣᠭᠲᠠᠨ᠎ᠠ

ᠵᠢᠷᠭᠠᠯ ᠤ᠋ᠨ ᠠᠶᠠᠯᠭᠤ ᠲᠠᠢ ᠴᠠᠭᠠᠨ ᠰᠠᠷ᠎ᠠ

ᠬᠤᠭᠤᠷ ᠤ᠋ᠨ ᠡᠬᠡᠰᠢᠭ ᠢ᠋ᠶ᠋ᠡᠷ ᠢ᠋ᠶ᠋ᠡᠨ ᠰᠡᠳᠬᠢᠯ ᠢ᠋ ᠤᠶᠠᠷᠠᠭᠠᠨ᠎ᠠ

ᠵᠢᠷᠭᠠᠯ ᠤ᠋ᠨ ᠠᠶᠠᠯᠭᠤ ᠲᠠᠢ ᠴᠠᠭᠠᠨ ᠰᠠᠷ᠎ᠠ

ᠨᠠᠢᠷ ᠤ᠋ᠨ ᠳᠠᠭᠤᠤ ᠪᠠᠷ ᠢ᠋ᠶ᠋ᠠᠨ ᠬᠣᠷᠸ᠎ᠠ ᠶ᠋ᠢ ᠪᠦᠪᠡᠢᠯᠡᠨ᠎ᠡ

ᠵᠢᠷᠭᠠᠯ ᠤ᠋ᠨ ᠠᠶᠠᠯᠭᠤ ᠲᠠᠢ ᠴᠠᠭᠠᠨ ᠰᠠᠷ᠎ᠠ

ᠬᠤᠭᠤᠷ ᠤ᠋ᠨ ᠡᠬᠡᠰᠢᠭ ᠢ᠋ᠶ᠋ᠡᠷ ᠢ᠋ᠶ᠋ᠡᠨ ᠰᠡᠳᠬᠢᠯ ᠢ᠋ ᠤᠶᠠᠷᠠᠭᠠᠨ᠎ᠠ

ᠵᠢᠷᠭᠠᠯ ᠤ᠋ᠨ ᠠᠶᠠᠯᠭᠤ ᠲᠠᠢ ᠴᠠᠭᠠᠨ ᠰᠠᠷ᠎ᠠ

ᠨᠠᠢᠷ ᠤ᠋ᠨ ᠳᠠᠭᠤᠤ ᠪᠠᠷ ᠢ᠋ᠶ᠋ᠠᠨ ᠬᠣᠷᠸ᠎ᠠ ᠶ᠋ᠢ ᠪᠦᠪᠡᠢᠯᠡᠨ᠎ᠡ


   ᠦᠰᠦᠭ ᠠᠮᠢᠯᠠᠭᠤᠯᠤᠭᠴᠢ᠄ ᠭᠡᠷᠡᠯ

   ᠬᠢᠨᠠᠭᠴᠢ᠄ ᠪᠦᠷᠢᠨ᠎ᠡ