ᠦᠭᠡᠢᠯᠡᠨ ᠦᠭᠡᠢᠯᠡᠨ ᠰᠠᠨᠠᠭᠳᠠᠬᠤ ᠥᠨᠳᠥᠷ ᠪᠣᠷᠣᠬᠠᠨ ᠠᠪᠤ ᠮᠢᠨᠢ -ᠠᠵᠠᠵᠢᠷᠭᠠᠯ Үгүйлэн үгүйлэн санагдах өндөр борхон аав минь-Азжаргал ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠭᠡᠢᠯᠡᠨ ᠦᠭᠡᠢᠯᠡᠨ ᠰᠠᠨᠠᠭᠳᠠᠬᠤ ᠥᠨᠳᠥᠷ ᠪᠣᠷᠣᠬᠠᠨ ᠠᠪᠤ ᠮᠢᠨᠢ -ᠠᠵᠠᠵᠢᠷᠭᠠᠯ Үгүйлэн үгүйлэн санагдах өндөр борхон аав минь-Азжаргал

ᠦᠭᠡᠢᠯᠡᠨ ᠦᠭᠡᠢᠯᠡᠨ ᠰᠠᠨᠠᠭᠳᠠᠬᠤ ᠥᠨᠳᠥᠷ ᠪᠣᠷᠣᠬᠠᠨ ᠠᠪᠤ ᠮᠢᠨᠢ -ᠠᠵᠠᠵᠢᠷᠭᠠᠯ Үгүйлэн үгүйлэн санагдах өндөр борхон аав минь-Азжаргал

ᠠᠩᠭᠢᠯᠠᠯ:ᠳᠠᠭᠤᠤ ᠬᠥᠭᠵᠢᠮ
2025-02-06

22855

ᠦᠭᠡᠢᠯᠡᠨ ᠦᠭᠡᠢᠯᠡᠨ ᠰᠠᠨᠠᠭᠳᠠᠬᠤ ᠥᠨᠳᠥᠷ ᠪᠣᠷᠣᠬᠠᠨ ᠠᠪᠤ ᠮᠢᠨᠢ

   ᠦᠭᠡ᠄ ᠪᠣᠷᠵᠢᠭᠢᠨ ᠡᠷᠳᠡᠨᠢᠴᠢᠮᠡᠭ 
   ᠠᠶ᠎ᠠ᠄ ᠠᠵᠠᠵᠢᠷᠭᠠᠯ 
   ᠳᠠᠭᠤᠴᠢᠨ᠄ ᠠᠵᠠᠵᠢᠷᠭᠠᠯ 

ᠬᠠᠩᠬᠠᠢᠲᠠᠯ᠎ᠠ ᠵᠠᠪᠢᠯᠠᠭᠠᠳ ᠲᠤᠬᠠᠯᠠᠨ ᠰᠠᠭᠤᠬᠤ ᠳ᠋ᠤᠨᠢ 
ᠬᠠᠨᠠᠲᠤ ᠭᠡᠷ ᠮᠢᠨᠢ ᠳᠤᠯᠠᠭᠠᠬᠠᠨ ᠰᠠᠨᠠᠭᠳᠠᠳᠠᠭ 
ᠬᠠᠩᠭᠢᠨᠠᠲᠠᠯ᠎ᠠ ᠳᠠᠭᠤᠯᠠᠭᠠᠳ ᠠᠳᠤᠭᠤᠨ ᠳ᠋ᠤ᠌ ᠪᠠᠨ ᠮᠣᠷᠳᠠᠬᠤ ᠳ᠋ᠤᠨᠢ 
ᠬᠠᠨᠠᠭᠠᠷ ᠲᠠᠯ᠎ᠠ ᠮᠢᠨᠢ ᠠᠭᠤᠵᠢᠷᠠᠨ ᠲᠡᠨᠢᠢᠳᠡᠭ 
ᠦᠭᠡᠢᠯᠡᠨ ᠦᠭᠡᠢᠯᠡᠨ ᠰᠠᠨᠠᠭᠳᠠᠭᠠᠳ ᠪᠠᠢᠳᠠᠭ  
ᠥᠨᠳᠥᠷ ᠪᠣᠷᠣᠬᠠᠨ ᠠᠪᠤ ᠮᠢᠨᠢ ᠳᠧ 
ᠥᠷᠯᠥᠭᠡ ᠦᠳᠡᠰᠢ ᠪᠡᠷ ᠡᠷᠢᠭᠳᠡᠭᠡᠳ ᠪᠠᠢᠨ᠎ᠠ 
ᠦᠷ᠎ᠡ ᠴᠢᠨᠢ ᠲᠠᠨ ᠢ᠋ ᠪᠡᠨ ᠳᠠᠭᠤᠯᠠᠭᠠᠳ ᠪᠠᠢᠨ᠎ᠠ 

ᠬᠣᠭᠣᠯᠠᠢ ᠵᠠᠰᠠᠭᠰᠠᠨ ᠳᠥᠯᠭᠡᠬᠡᠨ ᠶᠠᠷᠢᠶ᠎ᠠ ᠶ᠋ᠢ ᠨᠢ
ᠬᠣᠲᠠ ᠠᠢᠯ ᠤ᠋ᠨ ᠬᠢᠨᠢ ᠨᠠᠮᠤᠭᠤᠬᠠᠨ ᠴᠢᠩᠨᠠᠳᠠᠭ
ᠬᠣᠯᠠ ᠶ᠋ᠢ ᠪᠣᠳᠣᠭᠰᠠᠨ ᠬᠠᠲᠠᠭᠤᠬᠠᠨ ᠬᠠᠢᠷᠠᠨ ᠳ᠋ᠤᠨᠢ
ᠬᠣᠩᠭᠣᠷ ᠦᠷᠡᠰ ᠨᠢ ᠤᠬᠠᠭᠠᠷᠠᠨ ᠲᠣᠮᠣᠭᠠᠵᠢᠳᠠᠭ
     ᠳᠠᠬᠢᠯᠲᠠ
ᠨᠠᠷᠠ ᠲᠠᠢ ᠰᠠᠷᠠ ᠲᠠᠢ ᠽᠠᠮᠪᠤᠯᠢᠩ ᠬᠣᠷᠸ᠎ᠠ ᠳ᠋ᠤ᠌ ᠪᠠᠨ 
ᠰᠢᠯᠤᠭᠤᠨ ᠶᠠᠪᠤᠭᠰᠠᠨ ᠰᠠᠢᠬᠠᠨ ᠠᠪᠤ ᠮᠢᠨᠢ
ᠨᠠᠢᠷ ᠲᠠᠢ ᠬᠠᠢᠷ᠎ᠠ ᠲᠠᠢ ᠡᠨᠡᠬᠡᠨ ᠳᠡᠯᠡᠬᠡᠢ ᠳ᠋ᠤ᠌ ᠪᠠᠨ
ᠨᠡᠷ᠎ᠡ ᠲᠡᠢ ᠲᠥᠷᠥ ᠲᠡᠢ ᠮᠥᠩᠬᠡᠷᠡᠨ᠎ᠡ ᠰᠢᠦ ᠳᠧ
    ᠳᠠᠬᠢᠯᠲᠠ

  ᠦᠰᠦᠭ ᠠᠮᠢᠯᠠᠭᠤᠯᠤᠭᠴᠢ᠄ ᠪ᠂ ᠯᠠᠪᠳᠠᠭᠤᠨ
  ᠦᠰᠦᠭ ᠬᠠᠳᠠᠭ᠍ᠴᠢ᠄ ᠨᠤᠮᠤᠴᠢᠨ᠂ ᠪᠢᠯᠢᠭ 
  ᠬᠢᠨᠠᠭ᠍ᠴᠢ᠄ ᠪᠣᠷᠵᠢᠭᠢᠨ ᠡᠷᠳᠡᠨᠢᠴᠢᠮᠡᠭ 

ᠪᠣᠷᠵᠢᠭᠢᠨ ᠡᠷᠳᠡᠨᠢᠴᠢᠮᠡᠭ

    ᠤᠯᠠᠭᠠᠨᠬᠠᠳᠠ ᠬᠣᠲᠠ ᠶ᠋ᠢᠨ ᠪᠠᠭᠠᠷᠢᠨ ᠪᠠᠷᠠᠭᠤᠨ ᠬᠤᠰᠢᠭᠤᠨ ᠤ᠋ ᠤᠤᠭᠠᠯ᠂ ᠤᠷᠠᠨ ᠪᠦᠲᠦᠭᠡᠯᠴᠢ᠂ ᠢᠷᠠᠭᠤ ᠨᠠᠢᠷᠠᠭᠴᠢ᠂ ᠠᠬᠠᠮᠠᠳ ᠵᠣᠬᠢᠶᠠᠯᠴᠢ᠃

ᠠᠵᠠᠵᠢᠷᠭᠠᠯ

    ᠰᠢᠯᠢ ᠶ᠋ᠢᠨ ᠭᠣᠣᠯ ᠠᠢᠮᠠᠭ ᠤ᠋ᠨ ᠬᠣᠶᠠᠳᠤᠭᠠᠷ ᠳᠤᠮᠳᠠᠳᠤ ᠰᠤᠷᠭᠠᠭᠤᠯᠢ ᠶ᠋ᠢᠨ ᠳᠠᠭᠤᠤ ᠤᠷᠠᠯᠢᠭ ᠤ᠋ᠨ ᠪᠠᠭᠰᠢ᠂ ᠬᠥᠭᠵᠢᠮ ᠦ᠋ᠨ ᠵᠣᠬᠢᠶᠠᠯᠴᠢ᠂ ᠢᠷᠠᠭᠤ ᠨᠠᠢᠷᠠᠭᠴᠢ᠂ᠨᠠᠢᠷᠠᠯ ᠳᠠᠭᠤᠤ ᠶ᠋ᠢᠨ ᠤᠳᠤᠷᠢᠳᠤᠭᠠᠴᠢ᠃