ᠬᠠᠪᠤᠷ ᠊ᠤᠨ ᠨᠠᠢᠷᠠᠭ -ᠰᠠᠮᠠᠨᠳᠠ ᠶ᠋ᠢᠨ ᠵᠢᠪᠬᠤᠯᠠᠩ᠂ ᠲᠦᠪᠰᠢᠨᠵᠢᠷᠭᠠᠯ ‍᠊ᠤᠨ ᠪᠠᠶᠠᠰᠬᠤᠯᠠᠩ Хаврын найраг-Самандын Жавхлан, Түвшинжаргалын Баясгалан ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠪᠤᠷ ᠊ᠤᠨ ᠨᠠᠢᠷᠠᠭ -ᠰᠠᠮᠠᠨᠳᠠ ᠶ᠋ᠢᠨ ᠵᠢᠪᠬᠤᠯᠠᠩ᠂ ᠲᠦᠪᠰᠢᠨᠵᠢᠷᠭᠠᠯ ‍᠊ᠤᠨ ᠪᠠᠶᠠᠰᠬᠤᠯᠠᠩ Хаврын найраг-Самандын Жавхлан, Түвшинжаргалын Баясгалан

ᠬᠠᠪᠤᠷ ᠊ᠤᠨ ᠨᠠᠢᠷᠠᠭ -ᠰᠠᠮᠠᠨᠳᠠ ᠶ᠋ᠢᠨ ᠵᠢᠪᠬᠤᠯᠠᠩ᠂ ᠲᠦᠪᠰᠢᠨᠵᠢᠷᠭᠠᠯ ‍᠊ᠤᠨ ᠪᠠᠶᠠᠰᠬᠤᠯᠠᠩ Хаврын найраг-Самандын Жавхлан, Түвшинжаргалын Баясгалан

ᠠᠩᠭᠢᠯᠠᠯ:ᠳᠠᠭᠤᠤ ᠬᠥᠭᠵᠢᠮ
2025-02-06

2350

ᠬᠠᠪᠤᠷ ᠊ᠤᠨ ᠨᠠᠢᠷᠠᠭ

  ᠦᠭᠡ᠄ ᠵ᠂ ᠱᠠᠭᠳᠠᠷ 
  ᠠᠶ᠎ᠠ᠄ ᠬ᠂ ᠰᠡᠷᠭᠦᠯᠡᠩ 
  ᠳᠠᠭᠤᠴᠢᠨ᠄ ᠰᠠᠮᠠᠨᠳᠠ ᠶ᠋ᠢᠨ ᠵᠢᠪᠬᠤᠯᠠᠩ᠂  ᠲᠦᠪᠰᠢᠨᠵᠢᠷᠭᠠᠯ ‍ᠤᠨ ᠪᠠᠶᠠᠰᠬᠤᠯᠠᠩ 

ᠠᠷᠭᠠᠯᠢ ᠶ᠋ᠢᠨ ᠤᠳᠤᠮᠲᠤ ᠬᠣᠨᠢᠨ ᠰᠦᠷᠦᠭ ᠮᠢᠨᠢ 
ᠠᠯᠠᠭᠯᠠᠩᠬᠠᠨ ᠰᠣᠪᠤᠳᠤᠷᠠᠩᠬᠠᠨ ᠥᠰᠴᠦ ᠪᠠᠢᠨ᠎ᠠ 
ᠬᠠᠯᠵᠠᠨ ᠴᠠᠭᠠᠬᠠᠨ ᠬᠤᠷᠠᠭ᠎ᠠ ᠨᠤᠭᠤᠳ ᠨᠢ  ᠬᠦ᠋ 
ᠬᠠᠰᠢᠶ᠎ᠠ ᠳᠦᠭᠦᠷᠡᠩ ᠲᠣᠭᠯᠠᠩᠬᠠᠨ ᠪᠠᠢᠨ᠎ᠠ ᠠ᠋ 

ᠶᠠᠩᠭᠢᠷ ᠤ᠋ᠨ ᠤᠳᠤᠮᠲᠤ ᠢᠮᠠᠭᠠᠨ ᠰᠦᠷᠦᠭ ᠮᠢᠨᠢ 
ᠢᠬᠢᠷᠡᠯᠡᠩᠬᠡᠨ ᠢᠵᠢᠯᠢᠳᠡᠩᠬᠡᠨ ᠥᠰᠴᠦ ᠪᠠᠢᠨ᠎ᠠ
ᠢᠷᠭᠤᠢ ᠴᠡᠩᠬᠡᠷ ᠢᠰᠢᠭᠡ ᠨᠦ᠍ᠭᠦᠳ ᠨᠢ ᠬᠦ᠋
ᠢᠮᠠᠭᠠᠨ ᠬᠠᠳᠠᠨ  ᠳ᠋ᠤ᠌ ᠪᠠᠨ ᠳᠡᠭᠦᠯᠢᠩᠭᠡᠨ ᠪᠠᠢᠨ᠎ᠠ 

ᠠ᠋ᠠᠢ ᠬᠦ᠋  ᠵᠡ ᠬᠦ᠋
ᠠᠢ ᠲᠦᠮᠡᠨ ᠰᠦᠷᠦᠭ ᠢ᠋ᠶ᠋ᠡᠨ
ᠦᠢ ᠲᠦᠮᠡ ᠪᠡᠷ ᠥᠰᠬᠡᠭᠰᠡᠨ
ᠮᠠᠯᠴᠢᠨ ᠲᠦᠮᠡᠨ ᠦ᠌ ᠮᠢᠨᠢ ᠠᠯᠳᠠᠷ ᠠ᠋
ᠮᠠᠯᠴᠢᠨ ᠲᠦᠮᠡᠨ ᠦ᠌ ᠮᠢᠨᠢ ᠠᠯᠳᠠᠷ ᠠ᠋

ᠬᠠᠪᠲᠠᠭᠠᠢ ᠶ᠋ᠢᠨ ᠤᠳᠤᠮᠲᠤ ᠲᠡᠮᠡᠭᠡᠨ ᠰᠦᠷᠦᠭ ᠮᠢᠨᠢ
ᠬᠠᠩᠭᠠᠢ ᠭᠣᠪᠢ ᠳ᠋ᠤ᠌ ᠪᠠᠨ ᠬᠦᠷᠡᠩᠳᠡᠩᠬᠡᠨ ᠪᠡᠯᠴᠢᠵᠦ ᠪᠠᠢᠨ᠎ᠠ
ᠪᠣᠷᠣᠬᠠᠨ ᠬᠥᠭᠡᠷᠦᠬᠦᠨ ᠪᠣᠲᠣᠭᠣ ᠨᠤᠭᠤᠳ ᠨᠢ ᠬᠦ᠋
ᠪᠦᠷᠢᠳᠦᠨ ᠳᠤᠮᠳᠠ ᠪᠠᠨ ᠪᠣᠢᠯᠠᠯᠳᠤᠨ ᠪᠠᠢᠨ᠎ᠠ ᠠ᠋
ᠠᠢ ᠬᠦ᠋  ᠵᠡ ᠬᠦ᠋
ᠠᠢ ᠲᠦᠮᠡᠨ ᠰᠦᠷᠦᠭ ᠢ᠋ᠶ᠋ᠡᠨ
ᠦᠢ ᠲᠦᠮᠡ ᠪᠡᠷ ᠥᠰᠬᠡᠭᠰᠡᠨ
ᠮᠠᠯᠴᠢᠨ ᠲᠦᠮᠡᠨ ᠦ᠌ ᠮᠢᠨᠢ ᠠᠯᠳᠠᠷ ᠠ᠋
ᠮᠠᠯᠴᠢᠨ ᠲᠦᠮᠡᠨ ᠦ᠌ ᠮᠢᠨᠢ ᠠᠯᠳᠠᠷ ᠠ᠋

ᠲᠣᠭᠣᠷ᠎ᠠ ᠶ᠋ᠢᠨ ᠤᠳᠤᠮᠲᠤ ᠦᠬᠡᠷ ᠰᠦᠷᠦᠭ ᠮᠢᠨᠢ
ᠲᠤᠬᠠᠲᠠᠢᠬᠠᠨ ᠨᠠᠯᠠᠢᠭᠠᠳ ᠪᠡᠯᠴᠢᠵᠦ ᠪᠠᠢᠨ᠎ᠠ
ᠢᠵᠢᠯᠢ ᠬᠥᠭᠡᠷᠦᠬᠦᠨ ᠲᠤᠭᠤᠯ ᠤ᠋ᠳ ᠨᠢ ᠬᠦ᠋
ᠡᠵᠢ ᠲᠡᠢ ᠪᠡᠨ ᠨᠠᠭᠠᠳᠤᠩᠬᠠᠨ ᠪᠠᠢᠨ᠎ᠠ ᠠ᠋
ᠠᠢ ᠬᠦ᠋  ᠵᠡ ᠬᠦ᠋
ᠠᠢ ᠲᠦᠮᠡᠨ ᠰᠦᠷᠦᠭ ᠢ᠋ᠶ᠋ᠡᠨ
ᠦᠢ ᠲᠦᠮᠡ ᠪᠡᠷ ᠥᠰᠬᠡᠭᠰᠡᠨ
ᠮᠠᠯᠴᠢᠨ ᠲᠦᠮᠡᠨ ᠦ᠌ ᠮᠢᠨᠢ ᠠᠯᠳᠠᠷ ᠠ᠋

ᠲᠡᠬᠢ ᠶ᠋ᠢᠨ ᠤᠳᠤᠮᠲᠤ ᠠᠳᠤᠭᠤᠨ ᠰᠦᠷᠦᠭ ᠮᠢᠨᠢ
ᠲᠠᠯ᠎ᠠ ᠳᠦᠭᠦᠷᠡᠩ ᠲᠠᠷᠬᠠᠩᠬᠠᠨ ᠪᠡᠯᠴᠢᠵᠦ ᠪᠠᠢᠨ᠎ᠠ
ᠪᠣᠰᠤᠭ᠎ᠠ ᠲᠥᠷᠥᠭᠰᠡᠨ ᠤᠨᠠᠭ᠎ᠠ ᠨᠤᠭᠤᠳ ᠨᠢ ᠬᠦ᠋
ᠪᠣᠷᠪᠢ ᠲᠡᠨᠢᠢᠨ ᠬᠤᠷᠳᠤᠯᠠᠩᠬᠠᠨ ᠪᠠᠢᠨ᠎ᠠ ᠠ᠋
ᠠᠢ ᠬᠦ᠋  ᠵᠡ ᠬᠦ᠋
ᠠᠢ ᠲᠦᠮᠡᠨ ᠰᠦᠷᠦᠭ ᠢ᠋ᠶ᠋ᠡᠨ
ᠦᠢ ᠲᠦᠮᠡ ᠪᠡᠷ ᠥᠰᠬᠡᠭᠰᠡᠨ
ᠮᠠᠯᠴᠢᠨ ᠲᠦᠮᠡᠨ ᠦ᠌ ᠮᠢᠨᠢ ᠠᠯᠳᠠᠷ ᠠ᠋
ᠮᠠᠯᠴᠢᠨ ᠲᠦᠮᠡᠨ ᠦ᠌ ᠮᠢᠨᠢ ᠠᠯᠳᠠᠷ ᠠ᠋

   ᠦᠰᠦᠭ ᠠᠮᠢᠯᠠᠭᠤᠯᠵᠤ᠂ ᠦᠰᠦᠭ ᠬᠠᠳᠠᠭᠴᠢ ᠄ ᠰᠣᠳᠣ
   ᠬᠢᠨᠠᠭᠴᠢ᠄ ᠣᠳᠬᠠᠨᠰᠣ᠎ᠠ