ᠵᠦᠢᠷ ᠦᠭᠡ -ᠲᠠᠮᠠᠭ᠎ᠠ ᠬᠠᠮᠲᠤᠯᠢᠭ Зүйр үг-Дамга хамтлаг
ᠵᠦᠢᠷ ᠦᠭᠡ
ᠲᠠᠮᠠᠭ᠎ᠠ ᠬᠠᠮᠲᠤᠯᠢᠭ ᠳᠠᠭᠤᠯᠠᠨ᠎ᠠ
ᠬᠥᠮᠦᠨ ᠪᠣᠯᠬᠤ ᠪᠠᠭ᠎ᠠ ᠠ᠋ᠴᠠ ᠪᠠᠨ
ᠬᠦᠯᠦᠭ ᠪᠣᠯᠬᠤ ᠤᠨᠠᠭᠠᠨ ᠠ᠋ᠴᠠ ᠪᠠᠨ
ᠬᠥᠮᠦᠨ ᠦ᠌ ᠰᠠᠢᠨ ᠨᠢ ᠤᠬᠠᠭᠠᠨ ᠳ᠋ᠠᠭᠠᠨ
ᠬᠦᠯᠦᠭ ᠦ᠋ᠨ ᠰᠠᠢᠨ ᠨᠢ ᠭᠦᠶᠦᠳᠡᠯ ᠳ᠋ᠡᠭᠡᠨ
ᠠᠭᠤᠯᠠ ᠮᠣᠷᠢ ᠶ᠋ᠢ ᠵᠣᠪᠠᠭᠠᠨ᠎ᠠ
ᠠᠭᠤᠷ ᠪᠡᠶ᠎ᠡ ᠶ᠋ᠢ ᠲᠠᠮᠤᠯᠠᠨᠠ
ᠠᠭᠲᠠ ᠶ᠋ᠢᠨ ᠰᠠᠢᠨ ᠢ᠋ ᠳᠠᠪᠠᠭᠠᠨ ᠳᠡᠭᠡᠷ᠎ᠡ
ᠠᠨᠳᠠ ᠶ᠋ᠢᠨ ᠰᠠᠢᠨ ᠢ᠋ ᠲᠦᠭᠰᠢᠭᠦᠷᠢ ᠳᠡᠭᠡᠷ᠎ᠡ
ᠡᠳ᠋ ᠢ᠋ᠶ᠋ᠡᠷ ᠴᠢ ᠪᠡᠶ᠎ᠡ ᠪᠡᠨ ᠴᠢᠮᠡᠬᠦ ᠪᠡᠷ
ᠡᠷᠳᠡᠮ ᠢ᠋ᠶ᠋ᠡᠷ ᠪᠡᠶ᠎ᠡ ᠪᠡᠨ ᠴᠢᠮ᠎ᠡ
ᠦᠨᠡᠨᠴᠢ ᠶᠠᠪᠤᠬᠤ ᠬᠥᠮᠦᠨ ᠦ᠌ ᠴᠢᠮᠡᠭ
ᠥᠪ ᠰᠣᠶᠣᠯ ᠪᠢᠳᠡᠨ ᠦ᠌ ᠴᠢᠮᠡᠭ
ᠠᠪᠤ ᠶ᠋ᠢᠨ ᠬᠦᠦ ᠠᠳᠠᠯᠢ ᠦᠭᠡᠢ
ᠠᠷᠪᠠᠨ ᠬᠤᠷᠤᠭᠤ ᠲᠡᠭᠰᠢ ᠦᠭᠡᠢ
ᠠᠯᠲᠠ ᠪᠡᠶ᠎ᠡ ᠳ᠋ᠦ᠍ ᠠᠮᠠ ᠭᠡᠷᠡᠴᠢ
ᠠᠳᠤᠭᠤ ᠮᠠᠯ ᠳ᠋ᠤ᠌ ᠲᠠᠮᠠᠭ᠎ᠠ ᠭᠡᠷᠡᠴᠢ
ᠠᠪᠤ ᠳᠡᠭᠡᠳᠦᠰ ᠦ᠋ᠨ ᠰᠠᠢᠬᠠᠨ ᠰᠤᠷᠲᠠᠯ
ᠠᠴᠢᠷ ᠦᠷᠡᠰ ᠦ᠋ᠨ ᠰᠠᠢᠬᠠᠨ ᠳᠠᠭᠤᠷᠢᠶᠠᠯ
ᠠᠯᠲᠠ ᠪᠠᠷ ᠰᠣᠯᠢᠬᠤ ᠦᠭᠡᠢ ᠴᠠᠭ ᠡᠷᠳᠡᠨᠢ
ᠠᠬᠢᠭᠠᠳ ᠣᠯᠳᠠᠬᠤ ᠦᠭᠡᠢ ᠨᠠᠰᠤ ᠡᠷᠳᠡᠨᠢ
ᠡᠳ᠋ ᠢ᠋ᠶ᠋ᠡᠷ ᠴᠢ ᠪᠡᠶ᠎ᠡ ᠪᠡᠨ ᠴᠢᠮᠡᠬᠦ ᠪᠡᠷ
ᠡᠷᠳᠡᠮ ᠢ᠋ᠶ᠋ᠡᠷ ᠪᠡᠶ᠎ᠡ ᠪᠡᠨ ᠴᠢᠮ᠎ᠡ
ᠦᠨᠡᠨᠴᠢ ᠶᠠᠪᠤᠬᠤ ᠬᠥᠮᠦᠨ ᠦ᠌ ᠴᠢᠮᠡᠭ
ᠥᠪ ᠰᠣᠶᠣᠯ ᠪᠢᠳᠡᠨ ᠦ᠌ ᠴᠢᠮᠡᠭ
ᠡᠳ᠋ ᠢ᠋ᠶ᠋ᠡᠷ ᠴᠢ ᠪᠡᠶ᠎ᠡ ᠪᠡᠨ ᠴᠢᠮᠡᠬᠦ ᠪᠡᠷ
ᠡᠷᠳᠡᠮ ᠢ᠋ᠶ᠋ᠡᠷ ᠪᠡᠶ᠎ᠡ ᠪᠡᠨ ᠴᠢᠮ᠎ᠡ
ᠦᠨᠡᠨᠴᠢ ᠶᠠᠪᠤᠬᠤ ᠬᠥᠮᠦᠨ ᠦ᠌ ᠴᠢᠮᠡᠭ
ᠥᠪ ᠰᠣᠶᠣᠯ ᠪᠢᠳᠡᠨ ᠦ᠌ ᠴᠢᠮᠡᠭ
ᠡᠳ᠋ ᠢ᠋ᠶ᠋ᠡᠷ ᠴᠢ ᠪᠡᠶ᠎ᠡ ᠪᠡᠨ ᠴᠢᠮᠡᠬᠦ ᠪᠡᠷ
ᠡᠷᠳᠡᠮ ᠢ᠋ᠶ᠋ᠡᠷ ᠪᠡᠶ᠎ᠡ ᠪᠡᠨ ᠴᠢᠮ᠎ᠡ
ᠦᠨᠡᠨᠴᠢ ᠶᠠᠪᠤᠬᠤ ᠬᠥᠮᠦᠨ ᠦ᠌ ᠴᠢᠮᠡᠭ
ᠥᠪ ᠰᠣᠶᠣᠯ ᠪᠢᠳᠡᠨ ᠦ᠌ ᠴᠢᠮᠡᠭ
ᠦᠰᠦᠭ ᠠᠮᠢᠯᠠᠭᠤᠯᠤᠭᠴᠢ᠄ ᠪᠠᠢ ᠰᠠᠷᠠᠨ᠎ᠠ
ᠬᠢᠨᠠᠭᠴᠢ᠄ ᠳᠠᠭᠤᠨ ᠤ᠋ ᠬᠣᠯᠪᠣᠭ᠎ᠠ
