ᠬᠦᠦ ᠨᠢ ᠵᠡᠭᠦᠳᠦᠯᠡᠭᠡᠳ ᠰᠡᠷᠡᠯ᠎ᠡ - ᠨᠠᠢᠳᠠᠨᠳᠣᠷᠵᠢ ᠴᠢᠩᠪᠠᠶᠠᠷ Naidandorj Chinbayar - Huu ni zuudleed serlee Найдандорж Чинбаяр - Хүү нь зүүдлээд сэрлээ
ᠬᠦᠦ ᠨᠢ ᠵᠡᠭᠦᠳᠦᠯᠡᠭᠡᠳ ᠰᠡᠷᠡᠯ᠎ᠡ
ᠦᠭᠡ᠄ ᠶ· ᠭᠡᠷᠡᠯᠴᠢᠯᠠᠭᠤᠨ
ᠠᠶ᠎ᠠ᠄ ᠪ · ᠫᠦᠷᠪᠦᠰᠦ᠋ᠷᠦᠩ
— ᠡ᠊· ᠴᠢᠩᠪᠠᠶᠠᠷ᠂ ᠲ· ᠨᠠᠢᠳᠠᠨᠳᠣᠷᠵᠢ ᠳᠠᠭᠤᠯᠠᠨ᠎ᠠ
ᠠᠮᠢᠳᠤᠷᠠᠯ ᠲᠡᠳᠬᠦᠵᠦ ᠤᠷᠤᠰᠤᠭᠰᠠᠨ
ᠠᠢᠯ ᠠᠢᠯ ᠤ᠋ᠨ ᠵᠡᠯ᠎ᠡ ᠨᠢ ᠨᠠᠮᠤᠷ ᠲᠠᠭᠠᠨ ᠡᠵᠡᠭᠦᠢᠷᠡᠭᠡᠳ ᠦᠯᠡᠳᠡᠬᠦ ᠳ᠋ᠦ᠍
ᠪᠥᠷᠲᠦᠩ ᠪᠥᠷᠲᠦᠩ ᠰᠦᠮᠡᠯᠵᠡᠭᠡᠳ ᠠᠷᠭᠠᠯ ᠬᠣᠷᠮᠣᠢᠯᠠᠭᠰᠠᠨ ᠡᠵᠢ ᠮᠢᠨᠢ
ᠪᠦᠯᠢᠶᠡᠨ ᠨᠠᠭᠤᠷ ᠤ᠋ᠨ ᠢ᠋ᠶ᠋ᠠᠨ ᠳᠡᠷᠭᠡᠳᠡ
ᠰᠢᠪᠠᠭᠤᠳ ᠲᠠᠢ ᠪᠠᠨ ᠬᠠᠨᠢᠰᠠᠭᠠᠳ ᠦᠯᠡᠳᠡᠭᠰᠡᠨ ᠳᠧ
ᠠᠮᠢᠨ ᠭᠠᠭᠴᠠᠬᠠᠨ ᠡᠵᠢ ᠪᠡᠨ ᠬᠦᠦ ᠨᠢ ᠵᠡᠭᠦᠳᠦᠯᠡᠭᠡᠳ ᠰᠡᠷᠡᠯ᠎ᠡ ᠳᠧ
ᠠᠢᠷᠠᠭ ᠱᠤᠤᠭᠢᠵᠤ ᠨᠠᠮᠤᠷᠰᠢᠭᠠᠳ
ᠠᠳᠤᠭᠤ ᠨᠢ ᠲᠠᠯ᠎ᠠ ᠳ᠋ᠠᠭᠠᠨ ᠦᠦᠷᠰᠡᠵᠦ ᠠᠶᠠᠯᠭᠤ ᠨᠡᠮᠡᠭᠰᠡᠨ ᠦᠳᠡᠰᠢ ᠪᠡᠷ ᠢ᠋ᠶ᠋ᠡᠨ
ᠠᠷᠠᠳ ᠤ᠋ᠨ ᠰᠠᠢᠬᠠᠨ ᠳᠠᠭᠤᠨ ᠳ᠋ᠠᠭᠠᠨ ᠬᠠᠨᠢᠰᠠᠵᠤ ᠰᠡᠳᠬᠢᠯ ᠢ᠋ᠶ᠋ᠡᠨ ᠳᠡᠪᠲᠦᠭᠡᠭᠡᠳ
ᠠᠶᠠᠳᠠᠭᠤ ᠵᠥᠭᠡᠯᠡᠨ ᠠᠪᠤ ᠮᠢᠨᠢ ᠨᠠᠮᠠᠶ᠋ᠢ ᠪᠠᠨ ᠬᠦᠯᠢᠶᠡᠵᠦ ᠯᠡ ᠰᠠᠭᠤᠭ᠎ᠠ ᠳᠠ
ᠠᠮᠢᠨ ᠭᠠᠭᠴᠠᠬᠠᠨ ᠠᠪᠤ ᠶ᠋ᠢ ᠪᠡᠨ ᠬᠦᠦ ᠨᠢ ᠵᠡᠭᠦᠳᠦᠯᠡᠭᠡᠳ ᠰᠡᠷᠡᠯ᠎ᠡ ᠳᠧ
ᠨᠤᠲᠤᠭ ᠤ᠋ᠨ ᠡᠪᠦᠭᠡᠳ ᠴᠥᠭᠡᠷᠡᠭᠡᠳ
ᠨᠢᠯᠪᠤᠰᠤ ᠪᠠᠶᠠᠷ ᠤ᠋ᠨ ᠣᠷᠴᠢᠯᠠᠩ ᠨᠢᠭᠡ ᠯᠡ ᠶᠠᠩᠵᠤ ᠪᠠᠷ ᠦᠷᠭᠦᠯᠵᠢᠯᠡᠭᠡᠳ
ᠰᠡᠳᠬᠢᠯ ᠦ᠋ᠨ ᠳᠠᠭᠤᠤ ᠪᠠᠨ ᠠᠶᠠᠯᠵᠤ ᠬᠠᠶᠠ ᠨᠢᠭᠤᠴᠠᠬᠠᠨ ᠭᠡᠭᠡᠯᠵᠡᠭᠡᠳ
ᠰᠡᠷᠢᠭᠦᠨ ᠨᠤᠲᠤᠭ ᠤ᠋ᠨ ᠢ᠋ᠶ᠋ᠠᠨ ᠠᠭᠤᠯᠠ ᠤᠷᠤᠭᠤ
ᠤᠯᠠᠮ ᠯᠠ ᠶᠡᠬᠡ ᠪᠡᠷ ᠶᠠᠭᠠᠷᠠᠭᠠᠳ ᠪᠠᠢᠨ᠎ᠠ
ᠠᠪᠤ ᠯᠠ ᠡᠵᠢ ᠬᠣᠶᠠᠷ ᠢ᠋ ᠪᠡᠨ ᠬᠦᠦ ᠨᠢ ᠵᠡᠭᠦᠳᠦᠯᠡᠭᠡᠳ ᠰᠡᠷᠡᠯ᠎ᠡ ᠳ᠋ᠧ
ᠠᠮᠢᠨ ᠰᠢᠲᠦᠭᠡᠨ ᠨᠤᠲᠤᠭ ᠢ᠋ᠶ᠋ᠠᠨ ᠬᠦᠦ ᠨᠢ ᠵᠡᠭᠦᠳᠦᠯᠡᠭᠡᠳ ᠰᠡᠷᠡᠯ᠎ᠡ ᠳ᠋ᠧ
ᠦᠰᠦᠭ ᠠᠮᠢᠯᠠᠭᠤᠯᠤᠭᠴᠢ᠄ ᠰᠣᠨᠢᠨᠪᠠᠶᠠᠷ
ᠬᠢᠨᠠᠭᠴᠢ᠄ ᠪᠦᠷᠢᠨ᠎ᠡ
