ᠮᠣᠢᠯᠬᠠᠨ -ᠡ· ᠳ᠋ᠠᠰᠢᠨᠢᠮ᠎ᠠ Dashnyam - Moilhon Дашням - Мойлхон
ᠮᠣᠢᠯᠬᠠᠨ
ᠰᠢᠯᠦᠭ᠄ ᠡᠩᠬᠡᠲᠠᠢᠪᠤᠩ
ᠠᠶᠠᠯᠭᠤ᠄ ᠲᠡᠮᠦᠵᠢᠨ
— ᠡ· ᠳ᠋ᠠᠰᠢᠨᠢᠮ᠎ᠠ ᠳᠠᠭᠤᠯᠠᠨ᠎ᠠ
ᠲᠣᠢᠭ ᠤ᠋ᠨ ᠶᠤᠸᠠᠮᠪᠤᠤ ᠣᠳᠣᠳ ᠢ᠋ ᠨᠢ
ᠠᠰᠬᠠᠵᠤ ᠰᠠᠴᠤᠭᠰᠠᠨ ᠲᠩᠷᠢ ᠳᠣᠣᠷ᠎ᠠ
ᠲᠣᠪᠬᠤᠨ ᠬᠡᠭᠡᠷ ᠦ᠋ᠨ ᠬᠠᠲᠠᠷᠢᠶ᠎ᠠ ᠶᠦᠷᠭᠡᠭᠡᠨ ᠳᠡᠭᠡᠷ᠎ᠡ
ᠮᠣᠢᠯᠬᠠᠨ ᠨᠢᠳᠦᠨ ᠴᠢᠮ᠎ᠠ ᠤᠷᠤᠭᠤ ᠪᠠᠨ
ᠮᠡᠴᠢᠳ ᠡᠴᠡ ᠤᠷᠢᠲᠠᠵᠤ ᠳᠣᠪᠲᠣᠯᠤᠨ᠎ᠠ
ᠮᠣᠷᠢᠳ ᠤ᠋ᠨ ᠲᠤᠭᠤᠷᠠᠢ ᠣᠴᠢ ᠲᠠᠢ ᠴᠠᠪᠴᠢᠯᠠᠨᠠ
ᠨᠠᠷᠠᠨ ᠰᠠᠷ᠎ᠠ ᠶ᠋ᠢ ᠡᠪᠬᠡᠩᠭᠡᠨ
ᠨᠠᠢ᠍ᠮᠠᠨ ᠭᠠᠨᠵᠤᠭ᠎ᠠ ᠲᠡᠷᠪᠡᠩᠬᠡᠨ
ᠨᠠᠰᠤᠨ ᠤ᠋ ᠠᠮᠠᠷᠠᠭ ᠴᠢᠮ᠎ᠠ ᠳ᠋ᠠᠭᠠᠨ ᠶᠠᠭᠠᠷᠠᠩᠬᠠᠨ
ᠬᠠᠢᠷ᠎ᠠ ᠶ᠋ᠢᠨ ᠬᠠᠷᠠᠴᠠ ᠪᠠᠷ ᠰᠢᠷᠲᠡᠩᠬᠡᠨ
ᠬᠠᠯᠠᠭᠤᠨ ᠦᠭᠡᠰ ᠢ᠋ᠶ᠋ᠡᠨ ᠰᠢᠪᠡᠨᠡᠩᠭᠡᠨ
ᠬᠠᠨᠢᠯᠠᠨ ᠵᠢᠷᠭᠠᠬᠤ ᠬᠦᠰᠡᠯ ᠲᠦᠭᠦᠷᠡᠩᠭᠡᠨ
ᠬᠡᠭᠡᠷ᠎ᠡ ᠲᠠᠯ᠎ᠠ ᠶ᠋ᠢᠨ ᠳᠡᠭᠡᠭᠦᠷ ᠳᠡᠭᠦᠯᠢᠩᠭᠡᠨ
ᠴᠡᠭᠡᠵᠢᠨ ᠦ᠌ ᠭᠦᠨ ᠳ᠋ᠡᠭᠡᠨ ᠬᠠᠢᠷ᠎ᠠ ᠨᠢ ᠲᠦᠬᠦᠭᠡᠯᠵᠡᠨ᠎ᠡ
ᠲᠠᠯᠮᠢᠶᠠ ᠨᠠᠮᠵᠤᠷ ᠲᠠᠪᠢᠯᠠᠩ ᠤ᠋ᠨ
ᠠᠮᠠᠰᠠᠷ ᠲᠡᠪᠡᠳᠡᠭᠦᠦ ᠤᠴᠠᠷᠠᠯ ᠳᠡᠭᠡᠷ᠎ᠡ
ᠠᠢᠷᠠᠭ ᠬᠥᠯᠴᠥᠭᠦᠦ ᠨᠠᠮᠤᠷ ᠤ᠋ᠨ ᠪᠠᠭᠤᠷᠢᠨ ᠳᠡᠭᠡᠷ᠎ᠡ
ᠲᠠᠩᠬᠢᠯ ᠬᠣᠩᠭᠣᠷ ᠴᠢᠮ᠎ᠠ ᠤᠷᠤᠭᠤ ᠪᠠᠨ
ᠨᠠᠷᠠᠨ ᠠ᠋ᠴᠠ ᠥᠷᠢᠰᠴᠦ ᠳᠣᠪᠲᠣᠯᠤᠨ᠎ᠠ
ᠲᠠᠪᠤᠬᠠᠨ ᠥᠷᠲᠡᠭᠡ ᠭᠠᠵᠠᠷ ᠢ᠋ ᠲᠣᠪᠴᠢᠯᠠᠨ᠎ᠠ
ᠳᠡᠪᠡᠯ ᠦ᠋ᠨ ᠲᠣᠪᠴᠢ ᠨᠢ ᠬᠠᠷᠰᠢᠩᠬᠠᠨ
ᠳᠡᠨᠵᠢ ᠶ᠋ᠢᠨ ᠲᠤᠯᠤᠭᠠᠳ ᠨᠠᠮᠰᠠᠩᠬᠠᠨ
ᠳᠡᠩᠳᠡᠭᠦᠦ ᠰᠠᠨᠠᠭᠰᠠᠨ ᠰᠡᠳᠬᠢᠯ ᠶᠠᠭᠠᠷᠠᠩᠬᠠᠨ
ᠬᠠᠢᠷ᠎ᠠ ᠶ᠋ᠢᠨ ᠬᠠᠷᠠᠴᠠ ᠪᠠᠷ ᠰᠢᠷᠲᠡᠩᠬᠡᠨ
ᠬᠠᠯᠠᠭᠤᠨ ᠦᠭᠡᠰ ᠢ᠋ᠶ᠋ᠡᠨ ᠰᠢᠪᠡᠨᠡᠩᠭᠡᠨ
ᠬᠠᠨᠢᠯᠠᠨ ᠵᠢᠷᠭᠠᠬᠤ ᠬᠦᠰᠡᠯ ᠲᠦᠭᠦᠷᠡᠩᠭᠡᠨ
ᠬᠡᠭᠡᠷ᠎ᠡ ᠲᠠᠯ᠎ᠠ ᠶ᠋ᠢᠨ ᠳᠡᠭᠡᠭᠦᠷ ᠳᠡᠭᠦᠯᠢᠩᠬᠡᠨ
ᠴᠡᠭᠡᠵᠢᠨ ᠦ᠌ ᠭᠦᠨ ᠳ᠋ᠡᠭᠡᠨ ᠬᠠᠢᠷ᠎ᠠ ᠨᠢ ᠲᠦᠬᠦᠭᠡᠯᠵᠡᠨ᠎ᠡ
ᠬᠡᠭᠡᠷ᠎ᠡ ᠲᠠᠯ᠎ᠠ ᠶ᠋ᠢᠨ ᠳᠡᠭᠡᠭᠦᠷ ᠳᠡᠭᠦᠯᠢᠩᠬᠡᠨ
ᠴᠡᠭᠡᠵᠢᠨ ᠦ᠌ ᠭᠦᠨ ᠳ᠋ᠡᠭᠡᠨ ᠬᠠᠢᠷ᠎ᠠ ᠨᠢ ᠲᠦᠬᠦᠭᠡᠯᠵᠡᠨ᠎ᠡ
ᠦᠰᠦᠭ ᠠᠮᠢᠯᠠᠭᠤᠯᠤᠭᠴᠢ᠄ ᠶ᠂ ᠣᠶᠤᠨᠴᠡᠴᠡᠭ
ᠬᠢᠨᠠᠭᠴᠢ᠄ ᠳᠠᠭᠤᠨ ᠤ᠋ ᠬᠣᠯᠪᠣᠭ᠎ᠠ
