ᠨᠤᠲᠤᠭ -ᠣᠳᠬᠤᠨᠭᠡᠷᠡᠯ Нутаг-Отгонгэрэл
ᠨᠤᠲᠤᠭ
ᠦᠭᠡ ᠠᠶ᠎ᠠ᠄ ᠤᠳᠬᠤᠨᠭᠡᠷᠡᠯ
ᠳᠠᠭᠤᠴᠢᠨ᠄ ᠤᠳᠬᠤᠨᠭᠡᠲᠡᠯ
ᠠᠯᠤᠰ ᠲᠤ᠌ ᠴᠡᠩᠬᠡᠷᠯᠡᠬᠦ ᠲᠡᠭᠷᠢ ᠶ᠋ᠢᠨ ᠬᠠᠶᠠᠭᠠᠨ ᠳ᠋ᠤ᠌ ᠭᠡᠷ ᠮᠢᠨᠢ ᠪᠠᠢᠳᠠᠭ ᠰᠠᠨ
ᠠᠳᠤᠭᠤ ᠮᠠᠯ ᠳᠠᠷᠬᠠᠨ ᠪᠡᠯᠴᠢᠭᠰᠡᠨ ᠳᠡᠯᠭᠡᠷ ᠨᠤᠲᠤᠭ ᠲᠠᠢ
ᠠᠷᠭᠠᠯ ᠤ᠋ᠨ ᠴᠡᠩᠬᠡᠷ ᠤᠲᠤᠭ᠎ᠠ ᠪᠤᠷᠭᠢᠯᠤᠭᠰᠠᠨ ᠳᠤᠯᠠᠭᠠᠨ ᠥᠷᠭᠥᠭᠡ ᠲᠡᠢ
ᠠᠭᠠᠷᠤᠤᠯ ᠰᠡᠪᠡᠷᠡᠭᠡᠵᠦ ᠠᠢᠷᠠᠭ ᠰᠡᠩᠭᠢᠨᠡᠭᠰᠡᠨ ᠲᠠᠩᠰᠤᠭ ᠠᠮᠢᠳᠤᠷᠠᠯ ᠲᠠᠢ
ᠠᠭᠢᠲᠤ ᠶ᠋ᠢᠨ ᠰᠢᠯᠢ ᠪᠡᠷ ᠠᠳᠤᠭᠤ ᠪᠠᠨ ᠬᠠᠷᠢᠭᠤᠯᠤᠭᠰᠠᠨ ᠠᠪᠤ ᠶ᠋ᠢᠨ ᠪᠠᠷ᠎ᠠ ᠲᠠᠢ
ᠰᠦᠮᠡᠢᠬᠦ ᠵᠡᠷᠭᠡᠯᠭᠡᠨ ᠳ᠋ᠦ᠍ ᠰᠦᠷᠦᠭ ᠢ᠋ᠶ᠋ᠡᠨ ᠪᠠᠷᠠᠯᠠᠭᠰᠠᠨ ᠡᠵᠢ ᠮᠢᠨᠢ ᠰᠠᠷᠠᠪᠴᠢᠯᠠᠭᠠᠰᠤᠲᠠᠢ
ᠲᠤᠭᠤᠯ ᠢ᠋ᠶ᠋ᠠᠨ ᠳᠠᠭᠠᠭᠠᠳ ᠲᠣᠭᠯᠠᠨ ᠨᠠᠭᠠᠳᠤᠭᠰᠠᠨ ᠬᠡᠦᠬᠡᠳ ᠦ᠋ᠨ ᠪᠠᠶᠠᠰᠤᠯ ᠲᠠᠢ
ᠬᠣᠢᠮᠣᠷ ᠲᠤ᠌ ᠵᠠᠪᠢᠯᠠᠭᠠᠳ ᠬᠤᠭᠤᠷ ᠢ᠋ᠶ᠋ᠠᠨ ᠬᠥᠭᠯᠡᠭᠰᠡᠨ ᠡᠪᠦᠭᠡᠳ ᠦ᠋ᠨ ᠮᠠᠭᠲᠠᠭᠠᠯ ᠲᠠᠢ
ᠠᠢ ᠠᠢ ᠠᠢ ᠬᠠᠢᠷ᠎ᠠ ᠰᠢᠩᠭᠡᠭᠡᠰᠡ ᠮᠣᠩᠭᠣᠯ ᠨᠤᠲᠤᠭ ᠮᠢᠨᠢ
ᠬᠠᠢ ᠨᠤᠲᠤᠭ ᠮᠢᠨᠢ ᠬᠠᠢᠯᠬᠤ ᠵᠢᠷᠦᠬᠡᠨ ᠦ᠌ ᠤᠶᠠᠩᠭ᠎ᠠ ᠪᠢᠯᠡ ᠴᠢ
ᠠᠶᠠᠰ ᠠᠶᠠᠰᠬᠠᠨ ᠲᠠᠯ᠎ᠠ ᠶ᠋ᠢᠨ ᠰᠠᠯᠬᠢᠨ ᠨᠢ ᠰᠦᠨ ᠦ᠌ ᠦᠨᠦᠷ ᠲᠡᠢ
ᠠᠶᠠᠷᠠᠨ ᠤᠷᠤᠰᠬᠤ ᠮᠥᠩᠭᠥᠨ ᠭᠣᠣᠯ ᠨᠢ ᠶᠠᠲᠤᠭ᠎ᠠ ᠶ᠋ᠢᠨ ᠠᠶᠠᠯᠭᠤ ᠲᠠᠢ
ᠠᠶᠠᠨ ᠤ᠋ ᠰᠢᠪᠠᠭᠤᠳ ᠬᠣᠷᠭᠣᠳᠠᠭᠠᠳ ᠢᠷᠡᠳᠡᠭ ᠠᠮᠤᠭᠤᠯᠠᠩ ᠨᠠᠭᠤᠷ ᠲᠠᠢ
ᠠᠷᠠᠳ ᠤ᠋ᠨ ᠳᠠᠭᠤᠤ ᠪᠠᠨ ᠬᠠᠩᠭᠢᠨᠠᠭᠤᠯᠤᠨ ᠳᠠᠭᠤᠯᠠᠳᠠᠭ ᠮᠣᠩᠭᠣᠯ ᠲᠦᠮᠡᠨ ᠲᠡᠢ
ᠠᠢ ᠠᠢ ᠠᠢ ᠬᠠᠢᠷ᠎ᠠ ᠰᠢᠩᠭᠡᠭᠰᠡᠨ ᠮᠣᠩᠭᠣᠯ ᠨᠤᠲᠤᠭ ᠮᠢᠨᠢ
ᠬᠠᠢ ᠨᠤᠲᠤᠭ ᠮᠢᠨᠢ ᠬᠠᠢᠯᠬᠤ ᠵᠢᠷᠦᠬᠡᠨ ᠦ᠌ ᠤᠶᠠᠩᠭ᠎ᠠ ᠪᠢᠯᠡ ᠴᠢ
ᠬᠠᠢᠯᠬᠤ ᠵᠢᠷᠦᠬᠡᠨ ᠦ᠌ ᠤᠶᠠᠩᠭ᠎ᠠ ᠪᠢᠯᠡ ᠴᠢ
ᠦᠰᠦᠭ ᠠᠮᠢᠯᠠᠭᠤᠯᠤᠭᠴᠢ᠄ ᠨᠠᠨᠵᠢᠮᠡ
ᠬᠢᠨᠠᠭᠴᠢ᠄ ᠤᠷᠢᠶᠠᠩᠬᠠᠢ ᠨᠠᠷᠠᠨᠮᠠᠨᠳᠠ
