ᠪᠠᠭᠠᠲᠤᠷ - ᠴᠤᠭᠤᠷ ᠬᠠᠮᠲᠤᠯᠢᠭ᠋ Баатар-Цоор хамтлаг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠭᠠᠲᠤᠷ - ᠴᠤᠭᠤᠷ ᠬᠠᠮᠲᠤᠯᠢᠭ᠋ Баатар-Цоор хамтлаг

ᠪᠠᠭᠠᠲᠤᠷ - ᠴᠤᠭᠤᠷ ᠬᠠᠮᠲᠤᠯᠢᠭ᠋ Баатар-Цоор хамтлаг

ᠠᠩᠭᠢᠯᠠᠯ:ᠳᠠᠭᠤᠤ ᠬᠥᠭᠵᠢᠮ
2025-02-01

659

ᠪᠠᠭᠠᠲᠤᠷ

  ᠦᠭᠡ᠄ ᠪᠦᠵᠢᠩᠬᠦᠢ᠍ᠦ ᠳᠣᠷᠣᠨ᠎ᠠ 
  (ᠦᠭᠡ ᠠᠶ᠎ᠠ ᠶ᠋ᠢ ᠬᠤᠭᠤᠷ ᠤ᠋ᠨ ᠦᠯᠢᠭᠡᠷ ᠲᠦ᠍ ᠦᠨᠳᠦᠰᠦᠯᠡᠪᠡ) 
  ᠬᠥᠭᠵᠢᠮ ᠦ᠋ᠨ ᠨᠠᠢᠷᠠᠭᠤᠯᠤᠭᠴᠢ᠄ ᠲᠡᠮᠥᠷᠮᠥ᠋ᠩᠬᠡ 
            ᠴᠣᠭᠣᠷ ᠬᠠᠮᠲᠤᠯᠢᠭ ᠳᠠᠭᠤᠯᠠᠨ᠎ᠠ 

ᠦᠯᠢᠭᠡᠷ ᠦ᠋ᠨ ᠤᠴᠢᠷ ᠢ᠋ ᠮᠡᠳᠡᠭᠦᠯᠪᠡᠰᠦ᠂
ᠡᠷᠲᠡ ᠤᠷᠢᠳᠤ ᠴᠠᠭ ᠲᠤ᠌ ᠨᠢᠭᠡᠨ ᠪᠠᠭᠠᠲᠤᠷ ᠵᠠᠭᠤᠨ ᠲᠦᠮᠡᠨ ᠴᠡᠷᠢᠭ ᠦ᠋ᠨ ᠵᠠᠬᠢᠷᠤᠭᠴᠢ᠂ ᠮᠠᠩᠭᠤᠰ ᠢ᠋ ᠳᠠᠷᠤᠬᠤ ᠵᠠᠷᠯᠢᠭ ᠢ᠋ ᠬᠦᠯᠢᠶᠡᠨ ᠠᠪᠴᠤ ᠳᠠᠭᠤ ᠪᠠᠷ ᠢ᠋ᠶ᠋ᠠᠨ ᠬᠠᠰᠬᠢᠷᠴᠤ ᠲᠣᠭᠰᠢᠨ ᠰᠦᠷ ᠢ᠋ ᠮᠠᠨᠳᠤᠭᠤᠯᠵᠤ ᠬᠤᠶᠠᠭ ᠪᠣᠯᠤᠨ ᠲᠤᠭᠤᠯᠭ᠎ᠠ ᠶ᠋ᠢ ᠬᠤᠷᠳᠤᠨ ᠨᠠᠰᠢ ᠪᠠᠨ ᠠᠪᠴᠤ᠂ ᠠᠷᠠᠳ ᠪᠣᠯᠤᠨ ᠴᠡᠷᠢᠭ ᠠᠨᠳᠠ ᠰᠠᠨᠳᠠ ᠪᠠᠨ ᠠᠯᠳᠠᠷᠠᠵᠤ᠂ ᠬᠤᠶᠠᠭ ᠤ᠋ᠨ ᠠᠪᠳᠠᠷ᠎ᠠ ᠶ᠋ᠢ ᠳᠠᠮᠨᠠᠭᠠᠳ ᠢᠷᠡᠬᠦ ᠶ᠋ᠢᠨ ᠦᠶᠡᠰ ᠲᠦ᠍᠂ ᠰᠠᠭᠤᠵᠤ ᠪᠠᠢᠭᠰᠠᠨ ᠣᠷᠣᠨ ᠠ᠋ᠴᠠ ᠰᠤᠭᠤ ᠲᠡᠳᠡᠨ ᠪᠣᠰᠴᠤ᠂ ᠭᠠᠩ ᠭᠠᠷᠠᠬ᠎ᠠ᠂ ᠬᠤᠶᠠᠭ ᠢ᠋ ᠭᠠᠳᠠᠷ ᠲᠠᠯ᠎ᠠ ᠳ᠋ᠤ᠌ ᠪᠠᠨ ᠲᠣᠣᠷᠯᠠᠭᠠᠳ᠂ ᠭᠠᠯᠵᠠᠭᠤ ᠪᠠᠷᠰ ᠤ᠋ᠨ ᠲᠣᠯᠣᠭᠠᠢ ᠭᠡᠳᠡᠭ ᠨᠢ ᠮᠥᠷᠦᠨ ᠳᠡᠭᠡᠷ᠎ᠡ ᠨᠢ ᠭᠢᠯᠠᠯᠵᠠᠵᠤ᠂ ᠬᠦᠷᠡᠯ ᠲᠣᠯᠢ ᠶ᠋ᠢᠨ ᠳᠣᠲᠣᠷ᠎ᠠ ᠬᠥᠬᠡ ᠯᠤᠤ ᠮᠠᠭᠰᠢᠭᠠᠳ᠂ ᠥᠨᠳᠥᠷ ᠥᠨᠳᠥᠷ ᠬᠤᠶᠠᠭ ᠤ᠋ᠨ ᠣᠭᠣᠰᠣᠷ ᠥᠯᠵᠡᠢ ᠵᠠᠩᠭᠢᠶ᠎ᠠ ᠵᠠᠩᠭᠢᠳᠤᠭᠠᠳ᠂ ᠥᠯᠵᠡᠢ ᠵᠠᠩᠭᠢᠶ᠎ᠠ ᠣᠭᠣᠰᠣᠷ ᠠ᠋ᠴᠠ ᠰᠠᠨᠴᠢᠭ ᠳᠣᠷᠣᠭᠰᠢ ᠮᠢᠷᠠᠯᠵᠠᠭᠠᠳ᠂ ᠰᠤᠨᠤᠭᠠᠳ ᠭᠠᠷᠤᠭᠰᠠᠨ ᠬᠤᠶᠠᠭ ᠤ᠋ᠨ ᠣᠭᠣᠰᠣᠷ ᠠ᠋ᠴᠠ ᠰᠤᠸᠠᠮᠫᠠᠨ ᠭᠠᠳᠠ ᠵᠠᠩᠭᠢᠳᠤᠭᠠᠳ᠂ ᠰᠤᠸᠠᠮᠫᠠᠨ ᠭᠠᠳᠠ ᠦᠵᠦᠭᠦᠷ ᠡᠴᠡ ᠰᠠᠨᠴᠢᠭ ᠳᠣᠷᠣᠭᠰᠢ ᠮᠢᠷᠠᠯᠵᠠᠭᠠᠳ᠂ ᠬᠦᠳᠡᠷ ᠴᠠᠬᠢᠷᠠᠭ ᠪᠠᠭᠠᠲᠤᠷ ᠤ᠋ᠨ ᠪᠡᠶ᠎ᠡ᠂ ᠬᠥᠯᠦᠭ ᠮᠣᠷᠢᠨ ᠳ᠋ᠤ᠌ ᠪᠠᠨ ᠦᠰᠦᠷᠦᠭᠡᠳ ᠭᠠᠷᠤᠯ᠎ᠠ᠂ ᠳᠠᠯᠪᠠᠭ᠎ᠠ ᠲᠤᠭ ᠢ᠋ᠶ᠋ᠠᠨ ᠥᠨᠳᠥᠷ ᠮᠠᠨᠳᠤᠭᠤᠯᠤᠭᠠᠳ᠂ ᠮᠠᠩᠭᠤᠰ ᠢ᠋ ᠳᠠᠷᠤᠬᠤ ᠪᠠᠷ ᠮᠣᠷᠳᠠᠭᠠᠳ ᠭᠠᠷᠤᠯ᠎ᠠ᠂ ᠪᠢᠷ᠎ᠠ ᠬᠦᠴᠦᠲᠡᠢ ᠪᠠᠭᠠᠲᠤᠷ ᠤ᠋ᠨ ᠪᠡᠶ᠎ᠡ᠂ ᠵᠢᠯᠣᠭᠣ ᠳᠤᠭᠲᠤᠷᠤᠭᠠᠳ ᠵᠠᠩᠳᠤᠷᠤᠭᠠᠳ ᠢᠷᠡᠯ᠎ᠡ᠂ ᠭᠠᠩ ᠰᠡᠷᠡᠭᠡ ᠵᠡᠪᠰᠡᠭ ᠢ᠋ᠶ᠋ᠡᠨ ᠰᠢᠭᠦᠷᠡᠭᠡᠳ ᠠᠪᠤᠯ᠎ᠠ᠂ ᠠᠯᠲᠠᠨ ᠳᠥᠷᠥᠭᠡ ᠢᠰᠬᠦᠯᠦᠭᠡᠳ ᠳᠠᠭᠠᠷᠢᠭᠠᠳ ᠢᠷᠡᠯ᠎ᠡ᠂ ᠠᠭᠰᠤᠷᠤᠨ ᠳᠠᠪᠬᠢᠭᠠᠳ ᠢᠷᠡᠬᠦ ᠶ᠋ᠢ ᠨᠢ ᠦᠵᠡᠪᠡᠰᠦ᠂ ᠠᠷᠢᠶᠠᠲᠠᠨ ᠤ᠋ ᠬᠠᠭᠠᠨ ᠠᠷᠰᠯᠠᠨ ᠮᠡᠲᠦ᠂ ᠪᠠᠭᠠᠲᠤᠷᠯᠠᠨ ᠳᠠᠪᠬᠢᠭᠠᠳ ᠢᠷᠡᠬᠦ ᠶ᠋ᠢ ᠨᠢ ᠦᠵᠡᠪᠡᠰᠦ᠂ ᠪᠠᠯᠠᠷ ᠣᠢ ᠶ᠋ᠢᠨ ᠳᠣᠭᠰᠢᠨ ᠪᠠᠷᠰ ᠮᠡᠲᠦ᠂ ᠦᠰᠦᠷᠦᠭᠡᠳ ᠳᠠᠪᠬᠢᠭᠠᠳ ᠢᠷᠡᠬᠦ ᠶ᠋ᠢ ᠨᠢ ᠦᠵᠡᠪᠡᠰᠦ᠂ ᠥᠯᠥᠨ ᠭᠥᠷᠥᠭᠡᠰᠦ ᠴᠢᠨᠣ᠎ᠠ ᠮᠡᠲᠦ᠂ ᠳᠡᠭᠳᠡᠵᠦ ᠳᠠᠪᠬᠢᠭᠠᠳ ᠢᠷᠡᠬᠦ ᠶ᠋ᠢ ᠨᠢ ᠦᠵᠡᠪᠡᠰᠦ᠂ ᠲᠩᠷᠢ ᠶ᠋ᠢᠨ ᠭᠠᠯᠵᠠᠭᠤ ᠬᠠᠷ᠎ᠠ ᠯᠤᠤ ᠮᠡᠲᠦ᠂

ᠬᠦᠴᠦᠨ ᠰᠦᠷ ᠲᠡᠢ ᠪᠠᠭᠠᠲᠤᠷ ᠤ᠋ᠨ ᠪᠡᠶ᠎ᠡ
ᠬᠥᠯᠦᠭ ᠠᠭᠲᠠᠨ ᠳ᠋ᠤ᠌ ᠪᠠᠨ ᠦᠰᠦᠷᠦᠭᠡᠳ ᠭᠠᠷᠤᠯ᠎ᠠ ᠬᠦᠷᠡᠯ ᠵᠡᠪᠰᠡᠭ ᠢ᠋ᠶ᠋ᠡᠨ ᠠᠳᠬᠤᠭᠠᠳ ᠠᠪᠤᠯ᠎ᠠ ᠬᠤᠢ ᠰᠠᠯᠬᠢᠨ ᠲᠠᠲᠠᠭᠠᠳ ᠡᠷᠭᠢᠯᠳᠦᠭᠡᠳ ᠢᠷᠡᠯ᠎ᠡ ᠴᠠᠬᠢᠷᠠᠭ ᠬᠠᠲᠠᠭᠤ ᠪᠠᠭᠠᠲᠤᠷ ᠤ᠋ᠨ ᠪᠡᠶ᠎ᠡ ᠴᠠᠬᠢᠯᠭᠠᠨ ᠮᠡᠲᠦ ᠵᠦᠰᠦᠭᠡᠳ ᠢᠷᠡᠯ᠎ᠡ᠂ ᠢᠳᠡᠷ ᠬᠦᠴᠦ ᠲᠡᠢ ᠪᠠᠭᠠᠲᠤᠷ ᠤ᠋ᠨ ᠪᠡᠶ᠎ᠡ ᠢᠷᠪᠢᠰ ᠮᠡᠲᠦ ᠰᠤᠮᠤᠳᠠᠭᠠᠳ ᠢᠷᠡᠯ᠎ᠡ᠂ ᠠᠭᠰᠤᠷᠤᠨ ᠳᠠᠪᠬᠢᠭᠠᠳ ᠢᠷᠡᠬᠦ ᠶ᠋ᠢ ᠨᠢ ᠦᠵᠡᠪᠡᠰᠦ᠂ ᠠᠷᠢᠶᠠᠲᠠᠨ ᠤ᠋ ᠬᠠᠭᠠᠨ ᠠᠷᠰᠯᠠᠨ ᠮᠡᠲᠦ᠂ ᠪᠠᠭᠠᠲᠤᠷᠯᠢᠭ ᠳᠠᠪᠬᠢᠭᠠᠳ ᠢᠷᠡᠬᠦ ᠶ᠋ᠢ ᠨᠢ ᠦᠵᠡᠪᠡᠰᠦ᠂ ᠪᠠᠯᠠᠷ ᠣᠢ ᠶ᠋ᠢᠨ ᠳᠣᠭᠰᠢᠨ ᠪᠠᠷᠰ ᠮᠡᠲᠦ᠂ ᠦᠰᠦᠷᠦᠭᠡᠳ ᠳᠠᠪᠬᠢᠭᠠᠳ ᠢᠷᠡᠬᠦ ᠶ᠋ᠢ ᠨᠢ ᠦᠵᠡᠪᠡᠰᠦ᠂ ᠥᠯᠥᠨ ᠭᠥᠷᠥᠭᠡᠰᠦ ᠴᠢᠨᠣ᠎ᠠ ᠮᠡᠲᠦ ᠳᠡᠭᠳᠡᠵᠦ ᠳᠠᠪᠬᠢᠭᠠᠳ ᠢᠷᠡᠬᠦ ᠶ᠋ᠢ ᠨᠢ ᠦᠵᠡᠪᠡᠰᠦ᠂ ᠲᠩᠷᠢ ᠶ᠋ᠢᠨ ᠭᠠᠯᠵᠠᠭᠤ ᠬᠠᠷ᠎ᠠ ᠯᠤᠤ ᠮᠡᠲᠦ᠂ ᠬᠥᠯᠦᠭ ᠠᠭᠲᠠᠨ ᠳ᠋ᠤ᠌ ᠪᠠᠨ ᠦᠰᠦᠷᠦᠭᠡᠳ ᠭᠠᠷᠤᠯ᠎ᠠ᠂ ᠬᠦᠷᠡᠯ ᠵᠡᠪᠰᠡᠭ ᠢ᠋ᠶ᠋ᠡᠨ ᠠᠳᠬᠤᠭᠠᠳ ᠠᠪᠤᠯ᠎ᠠ᠂ ᠬᠦᠳᠡᠷ ᠴᠢᠬᠢᠷᠡᠭ ᠪᠠᠭᠠᠲᠤᠷ ᠤ᠋ᠨ ᠪᠡᠶ᠎ᠡ᠂ ᠬᠥᠯᠦᠭ ᠠᠭᠲᠠᠨ ᠳ᠋ᠤ᠌ ᠪᠠᠨ ᠦᠰᠦᠷᠦᠭᠡᠳ ᠭᠠᠷᠤᠯ᠎ᠠ᠂ ᠳᠠᠯᠪᠠᠭ᠎ᠠ ᠲᠤᠭ ᠢ᠋ᠶ᠋ᠠᠨ ᠥᠨᠳᠥᠷ ᠮᠠᠨᠳᠤᠭᠤᠯᠤᠭᠠᠳ ᠮᠠᠩᠭᠤᠰ ᠢ᠋ ᠳᠠᠷᠤᠬᠤ ᠪᠠᠷ ᠮᠣᠷᠳᠠᠭᠠᠳ ᠭᠠᠷᠤᠯ᠎ᠠ᠂ ᠪᠢᠷ᠎ᠠ ᠬᠦᠴᠦᠲᠡᠢ ᠪᠠᠭᠠᠲᠤᠷ ᠤ᠋ᠨ ᠪᠡᠶ᠎ᠡ᠂ ᠵᠢᠯᠣᠭᠣ ᠳᠤᠭᠲᠤᠷᠤᠭᠠᠳ ᠰᠠᠨᠳᠤᠷᠤᠭᠠᠳ ᠢᠷᠡᠯ᠎ᠡ᠂ ᠭᠠᠩ ᠰᠡᠷᠡᠭᠡ ᠵᠡᠪᠰᠡᠭ ᠢ᠋ᠶ᠋ᠡᠨ ᠰᠢᠭᠦᠷᠡᠭᠡᠳ ᠠᠪᠤᠯ᠎ᠠ᠂ ᠠᠯᠲᠠᠨ ᠳᠥᠷᠥᠭᠡ ᠢᠰᠬᠦᠯᠦᠭᠡᠳ ᠳᠠᠭᠠᠷᠢᠭᠠᠳ ᠢᠷᠡᠯ᠎ᠡ᠂ ᠬᠦᠳᠡᠷ ᠰᠦᠷᠲᠡᠢ ᠪᠠᠭᠠᠲᠤᠷ ᠤ᠋ᠨ ᠪᠡᠶ᠎ᠡ᠂ ᠬᠥᠯᠦᠭ ᠠᠭᠲᠠᠨ ᠳ᠋ᠤ᠌ ᠪᠠᠨ ᠦᠰᠦᠷᠦᠭᠡᠳ ᠭᠠᠷᠤᠯ᠎ᠠ᠂ ᠬᠦᠷᠡᠯ ᠵᠡᠪᠰᠡᠭ ᠢ᠋ᠶ᠋ᠡᠨ ᠠᠳᠬᠤᠭᠠᠳ ᠠᠪᠤᠯ᠎ᠠ᠂ ᠬᠤᠢ ᠰᠠᠯᠬᠢᠨ ᠲᠠᠲᠠᠭᠠᠳ ᠡᠷᠭᠢᠯᠳᠦᠭᠡᠳ ᠢᠷᠡᠯ᠎ᠡ᠂ ᠦᠰᠦᠷᠦᠭᠡᠳ ᠳᠠᠪᠬᠢᠭᠠᠳ ᠢᠷᠡᠬᠦ ᠶ᠋ᠢ ᠨᠢ ᠦᠵᠡᠪᠡᠰᠦ᠂ ᠥᠯᠥᠨ ᠭᠥᠷᠥᠭᠡᠰᠦ ᠴᠢᠨᠣ᠎ᠠ ᠮᠡᠲᠦ᠂ ᠳᠡᠭᠳᠡᠵᠦ ᠳᠠᠪᠬᠢᠭᠠᠳ ᠢᠷᠡᠬᠦ ᠶ᠋ᠢ ᠨᠢ ᠦᠵᠡᠪᠡᠰᠦ᠂ ᠲᠩᠷᠢ ᠶ᠋ᠢᠨ ᠭᠠᠯᠵᠠᠭᠤ ᠬᠠᠷ᠎ᠠ ᠯᠤᠤ ᠮᠡᠲᠦ

    ᠦᠰᠦᠭ ᠠᠮᠢᠯᠠᠭᠤᠯᠤᠭᠰᠠᠨ ᠨᠢ ᠄ ᠪᠠᠢ ᠰᠠᠷᠠᠨ᠎ᠠ