1. ᠲᠡᠷᠢᠭᠦᠨ ᠨᠢᠭᠤᠷ >
  2. ᠨᠡᠪᠲᠡᠷᠡᠭᠦᠯᠭᠡ >
  3. ᠫᠣᠷᠣᠷᠣ᠋ ᠨᠢᠭᠡᠳᠦᠭᠡᠷ ᠪᠦᠯᠦᠭ50 ᠠᠩᠭᠢ ПоророPororo

ᠫᠣᠷᠣᠷᠣ᠋ ᠨᠢᠭᠡᠳᠦᠭᠡᠷ ᠪᠦᠯᠦᠭ50 ᠠᠩᠭᠢ ПоророPororo

2025-01-30

1991

ᠪᠢᠴᠢᠬᠠᠨ ᠣᠴᠣᠩ ᠰᠢᠪᠠᠭᠤ ᠫᠣᠷᠣᠷᠣ᠋

ᠡᠬᠢᠯᠡᠯᠲᠡ ᠶ᠋ᠢᠨ ᠳᠠᠭᠤᠤ 
    ᠬᠥᠶᠢ ᠫᠣᠷᠣᠷᠣ᠋ ᠪᠠᠢᠨ᠎ᠠ 
    ᠲᠣᠭᠯᠠᠬᠤ ᠮᠠᠨᠢ ᠬᠠᠮᠤᠭ ᠤ᠋ᠨ ᠭᠣᠶᠣ 
    ᠨᠠᠢᠵᠠ ᠨᠤᠭᠤᠳ ᠠ᠋! ᠴᠤᠭᠯᠠᠭᠠᠷᠠᠢ 
    ᠴᠡᠩᠭᠡᠯᠳᠦᠵᠦ ᠬᠥᠭᠵᠢᠯᠳᠦᠨ ᠰᠠᠬᠢᠯᠭ᠎ᠠ ᠦᠭᠡᠢ ᠫᠣᠷᠣᠷᠣ᠋ 
    ᠴᠠᠰᠤ ᠲᠠᠢ ᠣᠢ ᠳ᠋ᠤ᠌ ᠣᠷᠣᠭᠰᠠᠨ ᠪᠢᠳᠡ ᠨᠠᠷ 
    ᠪᠢᠴᠢᠬᠠᠨ ᠣᠴᠣᠩ ᠰᠢᠪᠠᠭᠤ ᠭᠠᠷᠴᠤ ᠢᠷᠡᠯ᠎ᠡ 
    ᠬᠡᠵᠢᠶᠡᠳᠡ ᠴᠦ᠍ ᠰᠣᠨᠢᠷᠬᠠᠯᠲᠠᠢ 
    ᠥᠨᠥᠳᠥᠷ ᠪᠠᠰᠠ ᠶᠠᠭᠤ  ᠪᠣᠯᠬᠤ ᠪᠣᠯ ᠫᠣᠷᠣᠷᠣ᠋ 
    ᠳᠠᠭᠤᠳᠠᠭᠠᠷᠠᠢ ᠫᠣᠷᠣᠷᠣ᠋ ᠫᠣᠷᠣᠷᠣ᠋ ᠫᠣᠷᠣᠷᠣ᠋ 
    ᠫᠤᠷᠤ ᠫᠤᠷᠤ ᠫᠤᠷᠤ ᠫᠤᠷᠤ ᠫᠣᠷᠣᠷᠣ᠋ 
    ᠲᠣᠭᠯᠠᠬᠤ ᠮᠠᠨᠢ ᠬᠠᠮᠤᠭ ᠤ᠋ᠨ ᠭᠣᠶᠣ 
    ᠨᠠᠢᠵᠠ ᠨᠤᠭᠤᠳ ᠠ᠋! ᠴᠤᠭᠯᠠᠭᠠᠷᠠᠢ 
    ᠴᠡᠩᠭᠡᠯᠳᠦᠵᠦ ᠬᠥᠭᠵᠢᠯᠳᠦᠨ ᠫᠤᠷᠤ ᠫᠤᠷᠤ ᠫᠤᠷᠤ ᠫᠤᠷᠤ ᠫᠣᠷᠣᠷᠣ᠋ 

ᠬᠣᠭᠣᠯᠠ ᠬᠢᠬᠦ ᠰᠣᠨᠢᠷᠬᠠᠯᠲᠠᠢ
ᠫᠣᠷᠣᠷᠣ᠋᠄ᠦ᠂ ᠤᠢᠳᠬᠠᠷ ᠲᠠᠢ ᠶᠤᠮ ᠠ᠋
ᠫᠤᠪᠢ᠄ᠰᠣᠨᠢᠷᠬᠠᠯᠲᠠᠢ ᠶᠠᠭᠤᠮ᠎ᠠ ᠪᠠᠢᠬᠤ ᠦᠭᠡᠢ ᠤᠤ ?
ᠡᠸᠳᠢ᠄ᠰᠣᠨᠢᠷᠬᠠᠯᠲᠠᠢ ᠶᠠᠭᠤᠮ᠎ᠠ ᠤᠤ ?
ᠯᠥᠤᠫᠢ᠄ᠨᠡᠭᠡᠷᠡᠨ᠂ ᠡᠨᠡ ᠶᠠᠮᠠᠷ ᠪᠣᠢ ᠦᠳᠡᠰᠢᠯᠡᠭᠡ ?
ᠣᠯᠠᠨ᠄ᠠ ? ᠦᠳᠡᠰᠢᠯᠡᠭᠡ ᠠ᠋?
ᠯᠥᠤᠫᠢ᠄ᠲᠡᠢᠮᠦ ᠠ᠋᠂ ᠮᠠᠷᠭᠠᠰᠢ ᠡᠳᠦᠷ ᠦ᠋ᠨ ᠬᠣᠭᠣᠯᠠᠨ ᠤ᠋ ᠦᠶ᠎ᠡ ᠪᠡᠷ ᠮᠠᠨ ᠤ᠋ ᠭᠡᠷ ᠲᠦ᠍ ᠦᠳᠡᠰᠢᠯᠡᠭᠡ ᠵᠣᠬᠢᠶᠠᠵᠠᠭᠠᠶ᠎ᠠ
ᠣᠯᠠᠨ᠄ᠰᠣᠨᠢᠷᠬᠠᠯᠲᠠᠢ ᠶᠠᠭᠤᠮ᠎ᠠ ᠪᠠᠢᠨ᠎ᠠ
ᠯᠥᠤᠫᠢ᠄ᠬᠠᠷᠢᠨ ᠲᠡᠷᠡ ᠦᠶ᠎ᠡ ᠳ᠋ᠦ᠍ ᠪᠦᠭᠦᠳᠡ ᠥᠪᠡᠷ ᠦ᠋ᠨ ᠴᠢᠳᠠᠬᠤ ᠬᠣᠭᠣᠯᠠ ᠬᠦᠨᠡᠰᠦ ᠪᠡᠨ ᠬᠢᠵᠦ ᠢᠷᠡᠨ᠎ᠡ᠂ᠬᠤᠪᠢᠶᠠᠵᠤ ᠢᠳᠡᠪᠡᠯ ᠰᠣᠨᠢᠷᠬᠠᠯᠲᠠᠢ ᠪᠣᠯᠬᠤ ᠪᠠᠢᠬ᠎ᠠ᠂ᠶᠠᠮᠠᠷ ᠤᠤ ?
ᠫᠣᠷᠣᠷᠣ᠋᠄ᠠ᠋᠂ ᠰᠠᠢᠬᠠᠨ ᠰᠠᠨᠠᠭ᠎ᠠ ᠪᠠᠢᠨ᠎ᠠ ᠯᠥᠤᠫᠢ᠂ᠬᠢ ᠬᠢ ᠁
— — ᠨᠠᠢᠵᠠ ᠨᠤᠭᠤᠳ ᠮᠠᠨᠢ ᠮᠠᠷᠭᠠᠰᠢ ᠶ᠋ᠢᠨ ᠦᠳᠡᠰᠢᠯᠡᠭᠡ ᠳ᠋ᠦ᠍ ᠠᠪᠴᠢᠷᠠᠬᠤ ᠬᠣᠭᠣᠯᠠ ᠪᠠᠨ ᠬᠢᠬᠦ ᠪᠡᠷ ᠭᠡᠷ ᠭᠡᠷ ᠲᠡᠭᠡᠨ ᠬᠠᠷᠢᠵᠠᠭᠠᠯ᠎ᠠ
ᠫᠤᠪᠢ᠄ᠡᠭᠦᠨ ᠢ᠋ᠶ᠋ᠡᠷ ᠠᠮᠲᠠᠲᠠᠢ ᠬᠣᠭᠣᠯᠠ ᠬᠢᠨ᠎ᠡ
ᠯᠥᠤᠫᠢ᠄ᠶᠠᠮᠠᠷ ᠬᠣᠭᠣᠯᠠ ᠬᠢᠬᠦ ᠤᠤ ?
ᠲᠡᠢᠮᠦ ᠠ᠋᠂ ᠦᠳᠡᠰᠢᠯᠡᠭᠡ ᠳ᠋ᠦ᠍ ᠮᠡᠳᠡᠭᠡᠵᠢ᠂ ᠬᠢ ᠬᠢ
ᠡᠸᠳᠢ᠄ᠣᠯᠴᠢᠬᠠᠯ᠎ᠠ᠂ ᠲᠡᠢᠮᠦ ᠠ᠋ ᠡᠭᠦᠨ ᠢ᠋ ᠬᠢᠨ᠎ᠡ᠂ᠯᠠᠪ ᠳᠠ ᠁ᠦ ᠁
— —ᠰᠥᠨᠢ ᠪᠣᠯᠵᠠᠢ᠂ᠫᠤᠷᠤᠷᠤ᠋ ᠺᠷᠤᠨ ᠬᠣᠶᠠᠷ ᠶᠠᠭᠤ ᠬᠢᠵᠦ ᠪᠠᠢᠭ᠎ᠠ ᠪᠣᠯ ?
ᠫᠣᠷᠣᠷᠣ᠋᠄ᠶᠠᠮᠠᠷ ᠬᠣᠭᠣᠯᠠ ᠬᠢᠬᠦ ᠪᠣᠢ ?ᠺᠷᠤᠨ ᠴᠢ ᠶᠠᠮᠠᠷ ᠬᠣᠭᠣᠯᠠ ᠬᠢᠬᠦ ᠶᠦᠮ ?
ᠫᠣᠷᠣᠷᠣ᠋᠄ᠰᠦᠷᠲᠡᠢ ᠰᠢᠲᠠ᠂ ᠬᠡᠩ
ᠺᠷᠤᠨ᠄ᠠ ?ᠺᠤᠷᠠ
ᠫᠣᠷᠣᠷᠣ᠋᠄ᠫᠤᠷᠤᠷᠤ᠋ ᠶ᠋ᠢᠨ ᠭᠠᠷ ᠤ᠋ᠨ ᠬᠣᠭᠣᠯᠠ ᠪᠡᠯᠡᠨ ᠪᠣᠯᠤᠯ᠎ᠠ᠂ᠵᠠ ᠪᠢ ᠲᠦᠷᠦᠭᠦᠯᠡᠭᠡᠳ ᠶᠠᠪᠤᠯ᠎ᠠ ᠂ ᠴᠢ ᠬᠣᠭᠣᠯᠠ ᠪᠠᠨ ᠬᠢᠭᠡᠳ ᠯᠥᠤᠫᠢ ᠶ᠋ᠢᠨ ᠭᠡᠷ ᠲᠦ᠍ ᠶᠠᠪᠤᠭᠠᠳ ᠣᠴᠢᠭᠠᠷᠠᠢ
ᠺᠷᠤᠨ᠄ᠺᠤᠷᠠ
ᠺᠷᠤᠨ᠄ᠺᠤᠷᠠ ᠁
ᠡᠸᠳᠢ᠄ᠯᠥᠤᠫᠢ
ᠯᠥᠤᠫᠢ᠄ᠲᠠᠪᠠᠲᠠᠢ ᠮᠣᠷᠢᠯᠠ ᠡᠸᠳᠢ᠂ᠴᠢ ᠵᠠᠮ ᠳ᠋ᠠᠭᠠᠨ ᠺᠷᠤᠨ ᠲᠠᠢ ᠲᠠᠭᠠᠷᠠᠭ᠎ᠠ ᠦᠭᠡᠢ ᠤᠤ ?
ᠡᠸᠳᠢ᠄ᠺᠷᠤᠨ ᠲᠠᠢ ᠤᠤ ?ᠠ᠋ ᠁
ᠯᠥᠤᠫᠢ᠄ᠲᠠᠪᠠᠲᠠᠢ ᠮᠣᠷᠢᠯᠠ ᠺᠷᠤᠨ
ᠫᠤᠪᠢ᠄ᠲᠠᠪᠠᠲᠠᠢ ᠮᠣᠷᠢᠯᠠ ᠬᠦᠯᠢᠶᠡᠵᠦ ᠪᠠᠢᠯ᠎ᠠ᠂ᠬᠢ ᠬᠢ ᠁
— — ᠪᠦᠭᠦᠳᠡ ᠬᠣᠭᠣᠯᠠ ᠪᠡᠯᠡᠳᠴᠦ ᠢᠷᠡᠭᠰᠡᠨ ᠪᠠᠢᠨ᠎ᠠ
ᠯᠥᠤᠫᠢ᠄ᠣᠳᠣ ᠥᠪᠡᠷᠰᠡᠳ ᠦ᠋ᠨ ᠬᠢᠵᠦ ᠢᠷᠡᠭᠰᠡᠨ ᠬᠣᠭᠣᠯᠠ ᠪᠠᠨ ᠭᠠᠷᠭᠠᠵᠤ ᠬᠠᠷᠠᠭᠤᠯᠵᠠᠭᠠᠶ᠎ᠠ᠃ᠪᠢ ᠦᠳᠡᠰᠢᠯᠡᠭᠡ ᠳ᠋ᠦ᠍ ᠲᠣᠬᠢᠷᠠᠭᠰᠠᠨ ᠵᠦᠢᠯ ᠬᠢᠭᠰᠡᠨ᠂ᠦᠳᠡᠰᠢᠯᠡᠭᠡ ᠶ᠋ᠢᠨ ᠪᠢᠯᠠᠭᠤ
ᠣᠯᠠᠨ᠄ᠬᠥᠥᠭ ᠁
ᠫᠤᠪᠢ᠄ᠪᠢ ᠴᠦ᠍ ᠭᠡᠰᠡᠨ ᠭᠣᠶᠣ ᠶᠠᠭᠤᠮ᠎ᠠ ᠪᠡᠯᠡᠳᠦᠭᠰᠡᠨ ᠰᠢᠦ
ᠡᠸᠳᠢ᠄ᠵᠠ ᠁ᠡᠭᠦᠨ ᠢ᠋ ᠦᠨᠡᠬᠡᠷ ᠴᠢ ᠥᠪᠡᠷ ᠢ᠋ᠶ᠋ᠡᠨ ᠬᠢᠭᠰᠡᠨ ᠶᠦᠮ ᠤᠤ ?
ᠫᠤᠪᠢ᠄ᠬᠡ ᠬᠡ᠂ ᠲᠡᠢᠮᠦ ᠠ᠋
ᠫᠣᠷᠣᠷᠣ᠋᠄ᠪᠢ ᠴᠦ᠍ ᠭᠡᠰᠡᠨ ᠭᠣᠶᠣ ᠵᠢᠩᠨᠡᠮᠡᠭ ᠬᠢᠭᠰᠡᠨ᠂ᠮᠢᠨᠦ ᠵᠢᠷᠤᠭ ᠬᠦᠷᠲᠡᠯ᠎ᠡ ᠪᠠᠢᠭ᠎ᠠ᠂ᠠᠮᠲᠠ ᠨᠢ ᠬᠦᠷᠲᠡᠯ᠎ᠡ ᠶᠣᠰᠣᠲᠠᠢ ᠭᠣᠶᠣ
ᠡᠸᠳᠢ᠄ᠪᠢ ᠡᠷᠡᠭᠦᠯ ᠮᠡᠨᠳᠦ ᠪᠡᠨ ᠪᠣᠳᠣᠵᠤ ᠡᠸᠳᠢ ᠶ᠋ᠢᠨ ᠡᠷᠡᠭᠦᠯ ᠮᠡᠨᠳᠦ ᠶ᠋ᠢᠨ ᠰᠠᠯᠠᠳ᠋ᠸ
ᠣᠯᠠᠨ᠄ᠭᠦᠦᠭ ᠁
ᠯᠥᠤᠫᠢ᠄ᠲᠡᠭᠡᠪᠡᠯ ᠺᠷᠤᠨ ᠶᠠᠭᠤ ᠬᠢᠵᠦ ᠢᠷᠡᠭᠰᠡᠨ ?
ᠺᠷᠤᠨ᠄ᠺᠤᠷᠠ ᠺᠤᠷᠠ᠂ᠺᠤᠷᠠ ᠁
ᠣᠯᠠᠨ᠄ᠸᠠ ᠁
ᠯᠥᠤᠫᠢ᠄ᠠᠰᠢᠭᠦᠢ ᠳᠡ᠂ᠤᠤᠭᠤᠬᠤ ᠶᠠᠭᠤᠮ᠎ᠠ ᠬᠡᠷᠡᠭᠲᠡᠢ ᠪᠠᠢᠭᠰᠠᠨ ᠶᠤᠮ
ᠫᠣᠷᠣᠷᠣ᠋᠄ᠲᠡᠢᠮᠦ ᠠ᠋᠂ ᠮᠡᠳᠡᠷᠡᠮᠵᠢ ᠲᠡᠢ ᠪᠠᠢᠨ᠎ᠠ ᠰᠢᠦ
ᠺᠷᠤᠨ᠄ᠺᠤᠷᠠ ᠁ᠺᠤᠷᠠ
ᠡᠸᠳᠢ᠄ᠰᠠᠢᠬᠠᠨ ᠬᠠᠷᠠᠭᠳᠠᠵᠤ ᠪᠠᠢᠨ᠎ᠠ ᠰᠢᠦ᠂ᠵᠠ᠂ ᠰᠠᠢᠬᠠᠨ ᠪᠠᠶᠠᠷ ᠤ᠋ᠨ ᠢ᠋ᠶ᠋ᠠᠨ ᠲᠥᠯᠥᠭᠡ ᠨᠢᠭᠡ ᠲᠤᠯᠭᠠᠵᠠᠭᠠᠬᠤ ᠤᠤ ?
ᠣᠯᠠᠨ᠄ᠲᠡᠭᠡᠶ᠎ᠡ
ᠡᠸᠳᠢ᠄ᠦᠳᠡᠰᠢᠯᠡᠭᠡ ᠰᠠᠢᠬᠠᠨ ᠪᠣᠯᠬᠤ ᠶ᠋ᠢᠨ ᠲᠥᠯᠥᠭᠡ
ᠫᠣᠷᠣᠷᠣ᠋᠄ᠠ᠋ ?ᠶᠠᠮᠠᠷ ᠬᠠᠯᠠᠭᠤᠨ ᠨᠣᠭᠣᠭ᠎ᠠ ᠲᠠᠢ ᠶᠤᠮ ᠪᠣᠢ ?
ᠡᠸᠳᠢ᠄ᠶᠠᠮᠠᠷ ᠱᠣᠷᠪᠣᠭ ᠶᠤᠮ ᠪᠣᠢ ?
ᠺᠷᠤᠨ᠄ᠺᠤᠷᠠ ᠁
ᠫᠣᠷᠣᠷᠣ᠋᠄ᠺᠷᠤᠨ ᠴᠢ ᠡᠭᠦᠨ ᠢ᠋ ᠶᠠᠭᠤ ᠪᠠᠷ ᠬᠢᠭᠰᠡᠨ ᠶᠦᠮ ᠪᠣᠢ ?
ᠺᠷᠤᠨ᠄ᠺᠤ᠊ ᠁ ᠺᠤᠷᠠ
ᠯᠥᠤᠫᠢ᠄ᠮᠢᠨᠦ ᠬᠠᠯᠠᠭᠤᠨ ᠨᠣᠭᠣᠭ᠎ᠠ ᠲᠠᠢ ᠪᠠᠢᠨ᠎ᠠ
ᠫᠣᠷᠣᠷᠣ᠋᠄ᠲᠡᠢᠮᠦ ᠪᠣᠯᠤᠭᠠᠳ ᠡᠢᠮᠦ ᠠᠮᠲᠠᠲᠠᠢ ᠪᠠᠢᠵᠠᠢ
ᠺᠷᠤᠨ᠄ᠺᠤᠷᠠ
ᠫᠣᠷᠣᠷᠣ᠋᠄ᠳᠠᠪᠤᠰᠤ ᠤᠯᠠᠭᠠᠨ ᠯᠠᠵᠤᠤ ᠬᠣᠶᠠᠷ ᠪᠠᠢᠨ᠎ᠠ ᠰᠢᠳᠡ
ᠣᠯᠠᠨ᠄ᠬᠢ ᠬᠢ ᠁
— — ᠲᠡᠭᠡᠭᠰᠡᠨ ᠴᠦ᠍ ᠫᠤᠷᠤᠷᠤ᠋ ᠪᠣᠯᠤᠨ ᠲᠡᠭᠦᠨ ᠦ᠌ ᠨᠠᠢᠵᠠ ᠨᠤᠭᠤᠳ ᠬᠣᠭᠣᠯᠠ ᠪᠠᠨ ᠬᠤᠪᠢᠶᠠᠵᠤ ᠢᠳᠡᠨ ᠴᠠᠭ ᠢ᠋ ᠵᠤᠭᠠᠲᠠᠢ ᠰᠠᠢᠬᠠᠨ ᠥᠩᠭᠡᠷᠡᠭᠡᠵᠡᠢ᠃

ᠲᠡᠭᠦᠰᠬᠡᠯ ᠦ᠋ᠨ ᠳᠠᠭᠤᠤ 

    ᠯᠠ ᠯᠠ᠁ ᠯᠠ᠁ ᠺᠣᠷᠠ 
    ᠯᠠ ᠯᠠ᠁ ᠯᠠ᠁ ᠺᠣᠷᠠ 
    ᠯᠠ ᠯᠠ᠁ ᠯᠠ ᠯᠠ᠁ ᠯᠠ ᠺᠣᠷᠠ 
    ᠮᠥᠰᠥᠨ ᠦ᠌ ᠴᠠᠭᠠᠨ ᠪᠠᠭᠠᠪᠠᠭᠠᠢ ᠫᠤᠪᠢ 
    ᠵᠣᠬᠢᠶᠠᠨ ᠪᠦᠲᠦᠭᠡᠭᠴᠢ ᠦᠨᠡᠭᠡᠨ ᠦ᠌ ᠵᠤᠯᠵᠠᠭ᠎ᠠ ᠡᠸᠳᠢ
    ᠰᠠᠢᠬᠠᠨ ᠰᠡᠳᠬᠢᠯᠲᠦ ᠮᠢᠨᠵᠢ ᠥᠬᠢᠨ ᠯᠥᠤᠫᠢ
    ᠳ᠋ᠢᠨᠰᠠᠪᠤᠤᠷ ᠤ᠋ᠨ ᠵᠤᠯᠵᠠᠭ᠎ᠠ ᠺᠷᠤᠨ 
    ᠰᠠᠬᠢᠯᠭ᠎ᠠ ᠦᠭᠡᠢ ᠪᠠᠨᠳᠢ ᠫᠣᠷᠣᠷᠣ᠋ 
    ᠪᠢᠳᠡ ᠪᠣᠯ ᠰᠠᠢᠨ ᠨᠠᠢᠵᠠ ᠨᠤᠭᠤᠳ 
    ᠵᠠᠷᠢᠮ ᠳ᠋ᠤ᠌ ᠪᠠᠨ ᠮᠠᠭᠤᠳᠠᠯᠴᠠᠪᠠᠴᠤ ᠶᠡᠷᠦ ᠳ᠋ᠦ᠍ ᠪᠡᠨ 
    ᠦᠷᠭᠦᠯᠵᠢ ᠪᠡᠶ᠎ᠡ ᠪᠡᠶ᠎ᠡ ᠪᠡᠨ ᠲᠤᠰᠠᠯᠠᠵᠤ 
    ᠦᠷᠭᠦᠯᠵᠢ ᠪᠡᠶ᠎ᠡ ᠪᠡᠶ᠎ᠡ ᠪᠡᠨ ᠣᠢᠯᠠᠭᠠᠳᠠᠭ
    ᠪᠢᠳᠡ ᠰᠠᠢᠨ ᠨᠠᠢᠵᠠ ᠨᠤᠭᠤᠳ ᠪᠢᠯᠡ 
     ᠯᠠ ᠯᠠ ᠁ ᠯᠠ ᠺᠣᠷᠠ ᠺᠣᠷᠠ 

ᠦᠰᠦᠭ ᠠᠮᠢᠯᠠᠭᠤᠯᠤᠨ ᠬᠠᠲᠠᠭᠰᠠᠨ ᠨᠢ᠄ ᠪᠠᠶᠠᠨᠲᠠᠨ᠎ᠠ
ᠬᠢᠨᠠᠭᠰᠠᠨ ᠨᠢ᠄ ᠮᠥᠴᠢᠷ᠂  ᠪ· ᠯᠠᠪᠳᠠᠭᠤᠨ᠂ ᠱᠤᠳᠤᠷᠭᠤ