ᠫᠣᠷᠣᠷᠣ᠋ ᠨᠢᠭᠡᠳᠦᠭᠡᠷ ᠪᠦᠯᠦᠭ49 ᠠᠩᠭᠢ ПоророPororo
ᠪᠢᠴᠢᠬᠠᠨ ᠣᠴᠣᠩ ᠰᠢᠪᠠᠭᠤ ᠫᠣᠷᠣᠷᠣ᠋
ᠡᠬᠢᠯᠡᠯᠲᠡ ᠶ᠋ᠢᠨ ᠳᠠᠭᠤᠤ
ᠬᠥᠶᠢ ᠫᠣᠷᠣᠷᠣ᠋ ᠪᠠᠢᠨ᠎ᠠ
ᠲᠣᠭᠯᠠᠬᠤ ᠮᠠᠨᠢ ᠬᠠᠮᠤᠭ ᠤ᠋ᠨ ᠭᠣᠶᠣ
ᠨᠠᠢᠵᠠ ᠨᠤᠭᠤᠳ ᠠ᠋! ᠴᠤᠭᠯᠠᠭᠠᠷᠠᠢ
ᠴᠡᠩᠭᠡᠯᠳᠦᠵᠦ ᠬᠥᠭᠵᠢᠯᠳᠦᠨ ᠰᠠᠬᠢᠯᠭ᠎ᠠ ᠦᠭᠡᠢ ᠫᠣᠷᠣᠷᠣ᠋
ᠴᠠᠰᠤ ᠲᠠᠢ ᠣᠢ ᠳ᠋ᠤ᠌ ᠣᠷᠣᠭᠰᠠᠨ ᠪᠢᠳᠡ ᠨᠠᠷ
ᠪᠢᠴᠢᠬᠠᠨ ᠣᠴᠣᠩ ᠰᠢᠪᠠᠭᠤ ᠭᠠᠷᠴᠤ ᠢᠷᠡᠯ᠎ᠡ
ᠬᠡᠵᠢᠶᠡᠳᠡ ᠴᠦ᠍ ᠰᠣᠨᠢᠷᠬᠠᠯᠲᠠᠢ
ᠥᠨᠥᠳᠥᠷ ᠪᠠᠰᠠ ᠶᠠᠭᠤ ᠪᠣᠯᠬᠤ ᠪᠣᠯ ᠫᠣᠷᠣᠷᠣ᠋
ᠳᠠᠭᠤᠳᠠᠭᠠᠷᠠᠢ ᠫᠣᠷᠣᠷᠣ᠋ ᠫᠣᠷᠣᠷᠣ᠋ ᠫᠣᠷᠣᠷᠣ᠋
ᠫᠤᠷᠤ ᠫᠤᠷᠤ ᠫᠤᠷᠤ ᠫᠤᠷᠤ ᠫᠣᠷᠣᠷᠣ᠋
ᠲᠣᠭᠯᠠᠬᠤ ᠮᠠᠨᠢ ᠬᠠᠮᠤᠭ ᠤ᠋ᠨ ᠭᠣᠶᠣ
ᠨᠠᠢᠵᠠ ᠨᠤᠭᠤᠳ ᠠ᠋! ᠴᠤᠭᠯᠠᠭᠠᠷᠠᠢ
ᠴᠡᠩᠭᠡᠯᠳᠦᠵᠦ ᠬᠥᠭᠵᠢᠯᠳᠦᠨ ᠫᠤᠷᠤ ᠫᠤᠷᠤ ᠫᠤᠷᠤ ᠫᠤᠷᠤ ᠫᠣᠷᠣᠷᠣ᠋
ᠰᠢᠳᠢᠲᠦ ᠳ᠋ᠧᠩᠯᠦ ᠣᠯᠤᠭᠰᠠᠨᠨ ᠨᠢ
ᠡᠸᠳᠢ᠄ᠪᠠᠶᠠᠷᠯᠠᠯ᠎ᠠ ᠫᠤᠪᠢ
ᠫᠤᠪᠢ᠄ᠵᠦᠭᠡᠷ ᠳᠡ᠂ᠤᠭ ᠠ᠋ᠴᠠ ᠪᠠᠨ ᠬᠠᠶᠠᠬᠤ ᠭᠡᠵᠦ ᠪᠠᠢᠭᠰᠠᠨ ᠵᠦᠢᠯᠡᠰ᠂ᠪᠢ ᠲᠤᠰᠠᠯᠠᠬᠤ ᠶᠤᠮ ᠤᠤ ?
ᠡᠸᠳᠢ᠄ᠦᠭᠡᠢ ᠵᠦᠭᠡᠷ
ᠫᠤᠪᠢ᠄ᠲᠡᠭᠡᠪᠡᠯ ᠪᠠᠶᠠᠷᠲᠠᠢ ᠡᠸᠳᠢ
ᠡᠸᠳᠢ᠄ᠪᠠᠶᠠᠷᠲᠠᠢ
— — ᠡᠸᠳᠢ ᠳ᠋ᠧᠩᠯᠦ ᠪᠡᠨ ᠤᠨᠠᠭᠠᠴᠢᠬᠠᠭᠠᠳ ᠶᠠᠪᠤᠴᠢᠬᠠᠯ᠎ᠠ
ᠫᠣᠷᠣᠷᠣ᠋᠄ᠺᠷᠤᠨ ᠵᠣᠭᠰᠣ᠂ᠬᠠᠮᠢᠭ᠎ᠠ ᠨᠢᠭᠤᠭᠳᠠᠴᠢᠬᠠᠪᠠ ?ᠠ ᠁ᠬᠠ ᠬᠠ᠂ ᠡᠨᠳᠡ ᠠᠷᠠᠢ ᠢᠷᠡᠴᠢᠬᠡᠬᠦ ᠦᠭᠡᠢ ᠪᠠᠢᠯᠭᠦᠢ᠂ᠠ᠋ ᠁ᠠ᠋ ?ᠡᠨᠡ ᠴᠢᠨᠢ ᠶᠠᠭᠤᠨ ᠤ᠋ ᠳ᠋ᠧᠩᠯᠦ ᠪᠣᠢ ?
ᠯᠥᠤᠫᠢ᠄ᠫᠤᠷᠤᠷᠤ᠋ ᠺᠷᠤᠨ
ᠫᠤᠪᠢ᠄ᠨᠠᠭᠠᠨ᠎ᠠ ᠪᠠᠨ ᠶᠠᠭᠤ ᠬᠢᠵᠦ ᠪᠠᠢᠭ᠎ᠠ ᠶᠤᠮ ᠪᠣᠢ ?
ᠫᠣᠷᠣᠷᠣ᠋᠄ᠬᠢ ᠬᠢ ᠁ᠰᠠᠶᠢ ᠨᠢᠭᠡ ᠭᠠᠢᠬᠠᠮᠰᠢᠭ ᠲᠠᠢ ᠷᠢᠳᠢ ᠰᠢᠳᠢ ᠶ᠋ᠢᠨ ᠶᠠᠭᠤᠮ᠎ᠠ ᠣᠯᠤᠭᠰᠠᠨ
ᠣᠯᠠᠨ᠄ᠭᠠᠢᠬᠠᠮᠰᠢᠭ ᠲᠠᠢ ᠷᠢᠳᠢ ᠰᠢᠳᠢ ᠶ᠋ᠢᠨ ᠶᠠᠭᠤᠮ᠎ᠠ ᠠ᠋ ?
ᠫᠣᠷᠣᠷᠣ᠋᠄ᠡᠨᠡ ᠪᠠᠢᠨ᠎ᠠ
ᠫᠣᠷᠣᠷᠣ᠋᠄ᠳ᠋ᠧᠩᠯᠦ ᠮᠢᠨᠢ ᠳ᠋ᠧᠩᠯᠦ ᠮᠢᠨᠢ ᠮᠢᠨᠦ ᠬᠦᠰᠡᠯ ᠢ᠋ ᠪᠡᠶᠡᠯᠡᠭᠦᠯᠦᠭᠡᠴᠢ
ᠺᠷᠤᠨ᠄ᠬᠠ ᠬᠠ ᠬᠠ ᠁ᠳᠠᠭᠤᠳᠠᠭᠰᠠᠨ ᠤᠤ ᠡᠵᠡᠨᠲᠡᠨ ?
— — ᠫᠤᠷᠤᠷᠤ᠋ ᠷᠢᠳᠢ ᠰᠢᠳᠢ ᠲᠡᠢ ᠳ᠋ᠧᠩᠯᠦᠦ ᠣᠯᠤᠭᠰᠠᠨ ᠭᠡᠳᠡᠭ ᠲᠡᠭᠡᠨ ᠢᠲᠡᠭᠡᠭᠰᠡᠨ ᠪᠣᠯᠤᠯᠲᠠᠢ
ᠣᠯᠠᠨ᠄ᠦ ?
ᠫᠣᠷᠣᠷᠣ᠋᠄ᠡᠨᠡ ᠳ᠋ᠧᠩᠯᠦ ᠮᠢᠨᠦ ᠬᠦᠰᠡᠯ ᠢ᠋ ᠪᠡᠶᠡᠯᠡᠭᠦᠯᠦᠨ᠎ᠡ
ᠡᠸᠳᠢ᠄ᠫᠤᠷᠤᠷᠤ᠋ ᠨᠠᠭᠠᠳᠤᠬᠢ ᠴᠢᠨᠢ ᠦᠨᠡᠨ ᠳ᠋ᠡᠭᠡᠨ ᠪᠣᠯ ᠁
ᠫᠤᠪᠢ᠄ᠲᠡᠭᠡᠪᠡᠯ ᠴᠢ ᠶᠠᠭᠤ ᠬᠦᠰᠡᠬᠦ ᠭᠡᠵᠦ ᠪᠠᠢᠭ᠎ᠠ ᠶᠤᠮ ?
ᠫᠣᠷᠣᠷᠣ᠋᠄ᠲᠡᠷᠡ ᠪᠣᠯ ᠨᠢᠭᠤᠴᠠ
ᠺᠷᠤᠨ᠄ᠺᠤᠷᠠ ᠁
ᠫᠣᠷᠣᠷᠣ᠋᠄ᠳ᠋ᠧᠩᠯᠦ ᠮᠢᠨᠢ ᠳ᠋ᠧᠩᠯᠦ ᠮᠢᠨᠢ ᠬᠦᠰᠡᠯ ᠢ᠋ ᠮᠢᠨᠢ ᠪᠡᠶᠡᠯᠡᠭᠦᠯᠦᠭᠡᠴᠢ᠂ᠳ᠋ᠧᠩᠯᠦ ᠮᠢᠨᠢ ᠳ᠋ᠧᠩᠯᠦ ᠮᠢᠨᠢ ᠬᠦᠰᠡᠯ ᠢ᠋ ᠮᠢᠨᠢ ᠁
ᠡᠸᠳᠢ᠄ᠫᠤᠷᠤᠷᠤ᠋ ᠵᠢᠩᠬᠢᠨᠢ ᠡᠴᠡ ᠪᠡᠨ ᠷᠢᠳᠢ ᠰᠢᠳᠢ ᠲᠡᠢ ᠳ᠋ᠧᠩᠯᠦ ᠭᠡᠳ ᠪᠣᠳᠣᠴᠢᠬᠠᠵᠠᠢ
ᠫᠤᠪᠢ᠄ᠣᠳᠣ ᠶᠠᠭᠠᠬᠢᠬᠤ ᠪᠣᠢ ?
ᠯᠥᠤᠫᠢ᠄ᠣᠳᠣ ᠶᠠᠭᠠᠬᠢᠶ᠎ᠠ ᠭᠡᠬᠦᠪ᠂ᠬᠡᠨ ᠨᠢᠭᠡ ᠨᠢ ᠳ᠋ᠧᠩᠯᠦ ᠡᠴᠡ ᠭᠠᠷᠴᠤ ᠢᠷᠡᠬᠦ ᠯᠡ ᠪᠣᠯᠵᠠᠢ ᠳᠠ
ᠫᠤᠪᠢ᠄ᠪᠢ ᠤᠤ ?
ᠯᠥᠤᠫᠢ᠄ᠲᠡᠢᠮᠦ ᠠ᠋
ᠫᠣᠷᠣᠷᠣ᠋᠄ᠬᠠᠴᠢᠨ ᠶᠤᠮ ᠠ᠋᠂ ᠳᠠᠬᠢᠵᠤ ᠬᠢᠵᠦ ᠦᠵᠡᠨ᠎ᠡ᠃ᠳ᠋ᠧᠩᠯᠦ ᠮᠢᠨᠢ ᠳ᠋ᠧᠩᠯᠦ ᠮᠢᠨᠢ ᠬᠦᠰᠡᠯ ᠢ᠋ ᠮᠢᠨᠢ ᠪᠡᠶᠡᠯᠡᠭᠦᠯᠵᠦ ᠥᠭᠭᠦᠭᠡᠴᠢ
ᠫᠤᠪᠢ᠄ᠳᠠᠭᠤᠳᠠᠭᠰᠠᠨ ᠤᠤ ᠡᠵᠡᠨᠲᠡᠨ ?
ᠫᠣᠷᠣᠷᠣ᠋᠄ᠠ᠋ ?ᠭᠠᠷᠤᠭᠠᠳ ᠢᠷᠡᠴᠢᠬᠡᠵᠢ᠂
ᠢᠩᠭᠢᠬᠦ ᠳ᠋ᠦ᠍ ᠬᠠᠮᠢᠭ᠎ᠠ ᠪᠠᠢᠨ᠎ᠠ ᠠ᠋ ?
ᠫᠤᠪᠢ᠄ᠪᠢ ᠬᠠᠷᠠᠭᠳᠠᠳᠠᠭ ᠦᠭᠡᠢ ᠬᠦᠰᠡᠯ ᠢ᠋ ᠴᠢᠨᠢ ᠪᠡᠶᠡᠯᠡᠭᠦᠯᠦᠭᠴᠢ ᠪᠠᠢᠨ᠎ᠠ᠂ᠲᠠᠨ ᠤ᠋ ᠬᠦᠰᠡᠯ ᠶᠠᠭᠤ ᠪᠢᠯᠡ ?
ᠫᠣᠷᠣᠷᠣ᠋᠄ᠠᠮᠲᠠᠲᠠᠢ ᠵᠢᠩᠨᠡᠮᠡᠭ ᠢᠳᠡᠮᠡᠷ ᠪᠠᠢᠨ᠎ᠠ
ᠫᠤᠪᠢ᠄ᠵᠢᠩᠨᠡᠮᠡᠭ ᠢᠳᠡᠮᠡᠷ ᠪᠠᠢᠨ᠎ᠠ ᠭᠡᠵᠦ ᠪᠠᠢᠨ᠎ᠠ ᠰᠢᠲᠠ
ᠡᠸᠳᠢ᠄ᠵᠢᠩᠨᠡᠮᠡᠭ ᠭᠡᠪᠡᠯ ᠡᠨᠡ ᠪᠠᠢᠨ᠎ᠠ
ᠯᠥᠤᠫᠢ᠄ᠵᠢᠩᠨᠡᠮᠡᠭ ᠤᠤ ?
ᠫᠣᠷᠣᠷᠣ᠋᠄ᠭᠦᠦᠭ᠂ ᠵᠢᠩᠨᠡᠮᠡᠭ᠂ᠺᠷᠤᠨ ᠶᠠᠮᠠᠷ ᠭᠣᠶᠣ ᠶᠤᠮ ᠪᠣᠢ᠂ᠲᠡᠢᠮᠦ ᠠ᠋᠂ᠲᠣᠭᠯᠠᠭᠠᠮ ᠤ᠋ᠨ ᠮᠠᠰᠢᠨ ᠲᠠᠢ ᠪᠣᠯᠤᠮᠠᠷ ᠪᠠᠢᠨ᠎ᠠ
ᠫᠤᠪᠢ᠄ᠲᠣᠭᠯᠠᠭᠠᠮ ᠤ᠋ᠨ ᠮᠠᠰᠢᠨ ᠲᠠᠢ ᠪᠣᠯᠤᠮᠠᠷ ᠪᠠᠢᠨ᠎ᠠ ᠭᠡᠨ᠎ᠡ ᠠ᠋
ᠡᠸᠳᠢ᠄ᠲᠣᠭᠯᠠᠭᠠᠮ ᠤ᠋ᠨ ᠮᠠᠰᠢᠨ ᠭᠡᠷ ᠲᠦ᠍ ᠪᠠᠢᠭ᠎ᠠ ᠰᠢᠲᠠ
ᠯᠥᠤᠫᠢ᠄ᠡᠸᠳᠢ
ᠡᠸᠳᠢ᠄ᠲᠣᠭᠯᠠᠭᠠᠮ ᠤ᠋ᠨ ᠮᠠᠰᠢᠨ ᠢ᠋ᠶ᠋ᠠᠨ ᠠᠪᠤᠭᠠᠳ ᠢᠷᠡᠯ᠎ᠡ
ᠫᠣᠷᠣᠷᠣ᠋᠄ᠭᠦᠦᠭ᠂ ᠳᠠᠬᠢᠭᠠᠳ ᠭᠠᠷᠤᠭᠠᠳ ᠢᠷᠡᠭᠰᠡᠨ᠂ᠳ᠋ᠧᠩᠯᠦ ᠮᠢᠨᠢ ᠣᠳᠣ ᠬᠠᠷᠢᠨ ᠭᠣᠶᠣ ᠴᠡᠴᠡᠭ ᠲᠡᠢ ᠪᠣᠯᠤᠮᠠᠷ ᠪᠠᠢᠨ᠎ᠠ
— — ᠨᠠᠢᠵᠠ ᠨᠤᠭᠤᠳ ᠨᠢ ᠫᠤᠷᠤᠷᠤ᠋ ᠶ᠋ᠢᠨ ᠬᠦᠰᠡᠯ ᠢ᠋ ᠪᠡᠶᠡᠯᠡᠭᠦᠯᠬᠦ ᠶ᠋ᠢᠨ ᠲᠤᠯᠠᠳᠠ ᠭᠦᠶᠦᠭᠰᠡᠭᠡᠷ ᠪᠠᠢᠯ᠎ᠠ
ᠫᠣᠷᠣᠷᠣ᠋᠄ᠬᠢ ᠬᠢ ᠁ᠰᠢᠳᠢᠲᠦ ᠳ᠋ᠧᠩᠯᠦ ᠮᠢᠨᠢ ᠵᠢᠩᠬᠢᠨᠢ ᠡᠴᠡ ᠪᠡᠨ ᠬᠦᠰᠡᠭᠰᠡᠨ ᠪᠣᠯᠭᠠᠨ ᠢ᠋ ᠮᠢᠨᠢ ᠥᠭᠭᠦᠯ᠎ᠡ᠃ᠣᠳᠣ ᠪᠣᠯᠢᠵᠠᠭᠠᠶᠠ
ᠯᠥᠤᠫᠢ᠄ᠶᠠᠳᠠᠷᠠᠴᠢᠬᠠᠯ᠎ᠠ
ᠡᠸᠳᠢ᠄ᠲᠡᠷᠡ ᠴᠦ᠍ ᠶᠠᠭᠠᠬᠢᠬᠤᠪ᠂ᠫᠤᠷᠤᠷᠤ᠋ ᠵᠢᠩᠬᠢᠨᠢ ᠷᠢᠳᠢ ᠰᠢᠳᠢ ᠲᠡᠢ ᠳ᠋ᠧᠩᠯᠦ ᠣᠯᠤᠭᠰᠠᠨ ᠭᠡᠳ ᠪᠤᠳᠤᠴᠢᠬᠠᠯᠠ
ᠫᠤᠪᠢ᠄ᠶᠠᠮᠠᠷ ᠲᠠᠢ ᠴᠦ᠍ ᠣᠳᠣ ᠳᠠᠭᠤᠰᠤᠭᠰᠠᠨ
ᠣᠯᠠᠨ᠄ᠠ᠋ ?ᠠ ᠁ᠠ ?
ᠺᠷᠤᠨ᠄ᠺᠤᠷᠠ
— — ᠣᠳᠣ ᠬᠠᠷᠢᠨ ᠺᠷᠤᠨ ᠬᠦᠰᠡᠯ ᠢ᠋ᠶ᠋ᠡᠨ ᠰᠢᠪᠡᠨᠡᠵᠦ ᠪᠠᠢᠨ᠎ᠠ
ᠣᠯᠠᠨ᠄ᠦ ᠁
ᠺᠷᠤᠨ᠄ᠺᠤᠷᠠ ᠺᠤᠷᠠ ᠺᠤᠷᠠ ᠁
ᠲᠡᠭᠦᠰᠬᠡᠯ ᠦ᠋ᠨ ᠳᠠᠭᠤᠤ
ᠯᠠ ᠯᠠ᠁ ᠯᠠ᠁ ᠺᠣᠷᠠ
ᠯᠠ ᠯᠠ᠁ ᠯᠠ᠁ ᠺᠣᠷᠠ
ᠯᠠ ᠯᠠ᠁ ᠯᠠ ᠯᠠ᠁ ᠯᠠ ᠺᠣᠷᠠ
ᠮᠥᠰᠥᠨ ᠦ᠌ ᠴᠠᠭᠠᠨ ᠪᠠᠭᠠᠪᠠᠭᠠᠢ ᠫᠤᠪᠢ
ᠵᠣᠬᠢᠶᠠᠨ ᠪᠦᠲᠦᠭᠡᠭᠴᠢ ᠦᠨᠡᠭᠡᠨ ᠦ᠌ ᠵᠤᠯᠵᠠᠭ᠎ᠠ ᠡᠸᠳᠢ
ᠰᠠᠢᠬᠠᠨ ᠰᠡᠳᠬᠢᠯᠲᠦ ᠮᠢᠨᠵᠢ ᠥᠬᠢᠨ ᠯᠥᠤᠫᠢ
ᠳ᠋ᠢᠨᠰᠠᠪᠤᠤᠷ ᠤ᠋ᠨ ᠵᠤᠯᠵᠠᠭ᠎ᠠ ᠺᠷᠤᠨ
ᠰᠠᠬᠢᠯᠭ᠎ᠠ ᠦᠭᠡᠢ ᠪᠠᠨᠳᠢ ᠫᠣᠷᠣᠷᠣ᠋
ᠪᠢᠳᠡ ᠪᠣᠯ ᠰᠠᠢᠨ ᠨᠠᠢᠵᠠ ᠨᠤᠭᠤᠳ
ᠵᠠᠷᠢᠮ ᠳ᠋ᠤ᠌ ᠪᠠᠨ ᠮᠠᠭᠤᠳᠠᠯᠴᠠᠪᠠᠴᠤ ᠶᠡᠷᠦ ᠳ᠋ᠦ᠍ ᠪᠡᠨ
ᠦᠷᠭᠦᠯᠵᠢ ᠪᠡᠶ᠎ᠡ ᠪᠡᠶ᠎ᠡ ᠪᠡᠨ ᠲᠤᠰᠠᠯᠠᠵᠤ
ᠦᠷᠭᠦᠯᠵᠢ ᠪᠡᠶ᠎ᠡ ᠪᠡᠶ᠎ᠡ ᠪᠡᠨ ᠣᠢᠯᠠᠭᠠᠳᠠᠭ
ᠪᠢᠳᠡ ᠰᠠᠢᠨ ᠨᠠᠢᠵᠠ ᠨᠤᠭᠤᠳ ᠪᠢᠯᠡ
ᠯᠠ ᠯᠠ ᠁ ᠯᠠ ᠺᠣᠷᠠ ᠺᠣᠷᠠ
ᠦᠰᠦᠭ ᠠᠮᠢᠯᠠᠭᠤᠯᠤᠨ ᠬᠠᠲᠠᠭᠰᠠᠨ ᠨᠢ᠄ ᠪᠠᠶᠠᠨᠲᠠᠨ᠎ᠠ
ᠬᠢᠨᠠᠭᠰᠠᠨ ᠨᠢ᠄ ᠮᠥᠴᠢᠷ᠂ ᠪ· ᠯᠠᠪᠳᠠᠭᠤᠨ