ᠨᠠᠮᠠᠶ᠋ᠢ ᠵᠢᠷᠤ-ᠳᠠᠭᠤᠴᠢᠨᠪ.ᠪᠠᠶᠠᠷᠴᠡᠴᠡᠭНамайг зур ДуучинБ.Баярцэцэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠮᠠᠶ᠋ᠢ ᠵᠢᠷᠤ-ᠳᠠᠭᠤᠴᠢᠨᠪ.ᠪᠠᠶᠠᠷᠴᠡᠴᠡᠭНамайг зур ДуучинБ.Баярцэцэг

ᠨᠠᠮᠠᠶ᠋ᠢ ᠵᠢᠷᠤ-ᠳᠠᠭᠤᠴᠢᠨᠪ.ᠪᠠᠶᠠᠷᠴᠡᠴᠡᠭНамайг зур ДуучинБ.Баярцэцэг

ᠠᠩᠭᠢᠯᠠᠯ:ᠳᠠᠭᠤᠤ ᠬᠥᠭᠵᠢᠮ
2025-01-30

710

ᠨᠠᠮᠠᠶ᠋ᠢ ᠵᠢᠷᠤ

  ᠦᠭᠡ᠄ ᠭ ᠪᠣᠯᠣᠷᠡᠷᠳᠡᠨᠢ 
  ᠠᠶ᠎ᠠ ᠄ ᠪ᠊ ᠪᠠᠲᠤᠴᠢᠯᠠᠭᠤᠨ 
  — ᠪ᠊ ᠪᠠᠶᠠᠷᠴᠡᠴᠡᠭ 
ᠨᠠᠮᠠᠶ᠋ᠢ ᠪᠠᠨ ᠵᠢᠷᠤ ᠬᠠᠢᠷᠠᠲᠤ ᠮᠢᠨᠢ 
ᠦᠰᠦᠨ ᠦ᠌ ᠮᠢᠨᠢ ᠰᠢᠷᠬᠡᠭ ᠪᠦᠷᠢ ᠶ᠋ᠢ 
ᠠᠮᠢᠰᠬᠤᠯ ᠢ᠋ᠶ᠋ᠠᠷ ᠢ᠋ᠶ᠋ᠠᠨ ᠵᠢᠷᠤ 
ᠳᠠᠰᠢᠨᠵᠠ ᠶ᠋ᠢᠨ ᠮᠢᠨᠢ ᠬᠣᠷᠮᠣᠢ ᠶ᠋ᠢ 
ᠳᠡᠷᠪᠡᠭᠦᠯᠦᠩᠬᠡᠨ ᠵᠢᠷᠤ 
ᠲᠠᠭᠠᠷᠠᠵᠤ ᠪᠠᠢᠭ᠎ᠠ ᠮᠡᠲᠦ ᠰᠠᠨᠠᠭᠳᠠᠪᠠᠯ 
ᠲᠡᠪᠡᠷᠢᠵᠦ ᠪᠠᠢᠭ᠎ᠠ ᠪᠠᠷ ᠢ᠋ᠶ᠋ᠠᠨ ᠵᠢᠷᠤ  
ᠨᠠᠷᠢᠬᠠᠨ ᠪᠢᠷ ᠢ᠋ᠶ᠋ᠡᠷ ᠢ᠋ᠶ᠋ᠡᠨ ᠨᠠᠨᠳᠢᠩᠨᠠᠨ ᠵᠢᠷᠤᠭᠠᠷᠠᠢ 
ᠨᠠᠮᠠᠶ᠋ᠢ ᠪᠠᠨ ᠵᠢᠷᠤ ᠬᠠᠢᠷᠠᠲᠤ ᠮᠢᠨᠢ
ᠨᠠᠮᠤᠭᠤᠬᠠᠨ ᠳᠠᠭᠤᠤ ᠠᠶᠠᠯᠤᠩᠬᠠᠨ
ᠬᠥᠬᠥᠨ ᠦ᠌ ᠮᠢᠨᠢ ᠲᠣᠪᠴᠢ ᠶ᠋ᠢ ᠵᠢᠷᠤ
ᠥᠷᠥᠭᠡᠰᠦᠨ ᠨᠢᠳᠦ  ᠪᠡᠨ ᠰᠦᠮᠡᠢᠯᠭᠡᠵᠦ  ᠪᠠᠢᠭᠠᠳ
ᠬᠡᠩᠬᠦᠳᠡᠭ ᠢ᠋ ᠮᠢᠨᠢ ᠵᠢᠷᠤ
ᠥᠩᠭᠡ ᠪᠣᠳᠣᠭ ᠨᠢ ᠵᠥᠷᠢᠴᠢᠬᠡᠬᠦ ᠪᠣᠢ
ᠬᠠᠷᠠᠴᠠ ᠪᠠᠨ ᠪᠤᠤ ᠰᠠᠯᠭᠠᠭᠠᠷᠠᠢ
ᠨᠠᠮᠠᠶ᠋ᠢ ᠵᠢᠷᠤ᠂ ᠵᠢᠷᠤᠭᠠᠴᠢ ᠮᠢᠨᠢ
ᠨᠠᠷᠢᠬᠠᠨ ᠪᠢᠷ ᠢ᠋ᠶ᠋ᠡᠷ ᠢ᠋ᠶ᠋ᠡᠨ ᠨᠠᠨᠳᠢᠩᠨᠠᠨ ᠵᠢᠷᠤᠭᠠᠷᠠᠢ ᠨᠠᠮᠠᠶ᠋ᠢ ᠪᠠᠨ ᠵᠢᠷᠤ᠂ 
ᠬᠠᠢᠷᠠᠲᠤ ᠮᠢᠨᠢ ᠵᠢᠷᠤᠭᠠᠰᠤ ᠴᠢᠭ ᠪᠦᠷᠢ ᠶ᠋ᠢ ᠮᠢᠨᠢ ᠥᠪᠡᠷ ᠢ᠋ᠶ᠋ᠡᠨ ᠳᠡᠯᠪᠢ 
ᠥᠭᠡᠷ᠎ᠡ ᠬᠡᠨ ᠦ᠌ ᠴᠦ᠍ ᠲᠡᠪᠡᠷᠢ ᠳ᠋ᠦ᠍ ᠪᠠᠷᠢᠭᠳᠠᠰᠢ ᠦᠭᠡᠢ ᠪᠡᠷ ᠵᠢᠷᠤ 
ᠬᠠᠷᠢᠨ ᠥᠪᠡᠷ ᠦ᠋ᠨ ᠢ᠋ᠶ᠋ᠡᠨ ᠭᠠᠷ ᠤ᠋ᠨ ᠦᠰᠦᠭ ᠢ ᠦᠯᠡᠳᠡᠭᠡᠬᠦ ᠪᠡᠨ ᠮᠠᠷᠲᠠᠪᠠ ᠠ᠋ 
ᠨᠠᠮᠠᠶ᠋ᠢ ᠵᠢᠷᠤ᠂ ᠵᠢᠷᠤᠭᠠᠴᠢ ᠮᠢᠨᠢ ᠨᠠᠷᠢᠬᠠᠨ ᠪᠢᠷ ᠢ᠋ᠶ᠋ᠡᠷ ᠢ᠋ᠶ᠋ᠡᠨ ᠨᠠᠨᠳᠢᠩᠨᠠᠨ ᠵᠢᠷᠤᠭᠠᠷᠠᠢ

  ᠦᠰᠦᠭ ᠠᠮᠢᠯᠠᠭᠤᠯᠤᠭᠴᠢ᠄ ᠪᠦᠷᠢᠨ᠎ᠡ
  ᠬᠢᠨᠠᠭᠴᠢ᠄ ᠰᠤᠨᠢᠨᠪᠠᠶᠠᠷ