ᠴᠢ ᠮᠡᠳᠡᠬᠦ ᠦᠦ-ᠴ ∙ ᠰᠡᠯᠡᠩᠭᠡЧ.Сэлэнгэ, Чи мэдэх үү
ᠴᠢ ᠮᠡᠳᠡᠬᠦ ᠦᠦ
ᠳᠠᠭᠤᠴᠢᠨ᠄ ᠴ· ᠰᠡᠯᠡᠩᠭᠡ
ᠲᠡᠪᠴᠢᠬᠦ ᠦᠭᠡᠢ ᠪᠣᠯᠲᠠᠯ᠎ᠠ ᠪᠠᠨ ᠰᠠᠨᠠᠳᠠᠭ ᠬᠠᠢᠷ᠎ᠠ ᠶ᠋ᠢ ᠴᠢ ᠮᠡᠳᠡᠬᠦ ᠦᠦ
ᠪᠢ ᠮᠡᠳᠡᠨ᠎ᠡ
ᠲᠡᠪᠡᠷᠢᠬᠦ ᠦᠭᠡᠢ ᠪᠣᠯᠲᠠᠯ᠎ᠠ ᠪᠠᠨ ᠤᠢᠳᠳᠠᠭ ᠬᠠᠢᠷ᠎ᠠ ᠶ᠋ᠢ ᠴᠢ ᠮᠡᠳᠡᠬᠦ ᠦᠦ
ᠪᠢ ᠮᠡᠳᠡᠨ᠎ᠡ
ᠶᠠᠭᠠᠬᠢᠭᠠᠳ ᠬᠠᠢᠷᠠᠯᠠᠨ᠎ᠠ ᠭᠡᠴᠢᠬᠡᠭᠡᠳ
ᠶᠠᠪᠤᠭᠠᠳ ᠥᠭᠳᠡᠭ ᠢ᠋ ᠮᠡᠳᠡᠬᠦ ᠦᠦ
ᠢᠯᠳᠠᠮ ᠬᠠᠷᠠᠴᠠᠨ ᠳ᠋ᠤ᠌ ᠬᠠᠭᠠᠴᠠᠯ ᠬᠠᠷᠠᠭᠳᠠᠭᠠᠳ
ᠶᠠᠮᠠᠷ ᠪᠣᠯᠳᠠᠭ ᠢ᠋ ᠪᠢ ᠮᠡᠳᠡᠬᠦ ᠦᠭᠡᠢ
ᠵᠡᠭᠦᠳᠦ ᠭᠡᠳᠡᠭ ᠬᠠᠭᠤᠷᠮᠠᠴᠢ ᠪᠣᠯᠬᠣᠷ
ᠵᠢᠷᠦᠬᠡᠨ ᠳ᠋ᠦ᠍ ᠪᠡᠨ ᠨᠠᠨᠳᠢᠩᠨᠠᠭᠰᠠᠨ ᠬᠠᠢᠷ᠎ᠠ ᠮᠢᠨᠢ
ᠪᠣᠷᠣᠭᠠᠨ ᠤ᠋ ᠠᠶᠠᠰ ᠢ᠋ᠶ᠋ᠠᠷ ᠲᠠᠲᠠᠳᠠᠭ ᠰᠣᠯᠣᠩᠭ᠎ᠠ ᠰᠢᠭ᠋
ᠪᠣᠳᠣᠯ ᠤ᠋ᠨ ᠴᠢᠨᠢ ᠦᠵᠦᠭᠦᠷ ᠲᠦ᠍ ᠰᠠᠨᠠᠭᠳᠠᠬᠤ ᠤᠤ
ᠬᠠᠢᠷᠠᠲᠤ ᠮᠢᠨᠢ
ᠤᠷᠪᠠᠬᠤ ᠦᠭᠡᠢ ᠪᠣᠯᠲᠠᠯ᠎ᠠ ᠪᠠᠨ ᠢᠲᠡᠭᠡᠭᠰᠡᠨ ᠬᠠᠢᠷ᠎ᠠ ᠶ᠋ᠢ ᠴᠢ ᠮᠡᠳᠡᠬᠦ ᠦᠦ
ᠪᠢ ᠮᠡᠳᠡᠨ᠎ᠡ
ᠤᠬᠢᠯᠠᠬᠤ ᠦᠭᠡᠢ ᠪᠣᠯᠲᠠᠯ᠎ᠠ ᠪᠠᠨ ᠭᠣᠮᠣᠳᠠᠭᠰᠠᠨ ᠰᠡᠳᠬᠢᠯ ᠢ᠋ ᠴᠢ ᠮᠡᠳᠡᠬᠦ ᠦᠦ
ᠪᠢ ᠮᠡᠳᠡᠨ᠎ᠡ
ᠶᠠᠭᠠᠬᠢᠭᠠᠳ ᠴᠢᠮ᠎ᠠ ᠳ᠋ᠤ᠌ ᠳᠠᠯᠳᠠᠬᠠᠨ ᠬᠠᠢᠷᠠᠯᠠᠭᠠᠳ
ᠶᠠᠪᠤᠭᠤᠯᠬᠤ ᠦᠭᠡᠢ ᠭᠡᠳᠡᠭ ᠢ᠋ᠶ᠋ᠡᠨ ᠮᠡᠳᠡᠬᠦ ᠦᠭᠡᠢ
ᠤᠴᠠᠷᠠᠭᠰᠠᠨ ᠲᠠᠪᠢᠯᠠᠩ ᠳ᠋ᠠᠭᠠᠨ ᠥᠪᠡᠷ ᠢ᠋ᠶ᠋ᠡᠨ ᠭᠣᠮᠣᠳᠠᠭᠠᠳ
ᠤᠬᠢᠯᠠᠭᠠᠳ ᠪᠠᠢᠳᠠᠭ ᠢ᠋ᠶ᠋ᠠᠨ ᠮᠡᠳᠡᠬᠦ ᠦᠭᠡᠢ
ᠵᠡᠭᠦᠳᠦ ᠭᠡᠳᠡᠭ ᠬᠠᠭᠤᠷᠮᠠᠴᠢ ᠪᠣᠯᠬᠣᠷ
ᠵᠢᠷᠦᠬᠡᠨ ᠳ᠋ᠡᠭᠡᠨ ᠨᠠᠨᠳᠢᠩᠨᠠᠭᠰᠠᠨ ᠬᠠᠢᠷ᠎ᠠ ᠮᠢᠨᠢ
ᠪᠣᠷᠣᠭᠠᠨ ᠤ᠋ ᠠᠶᠠᠰ ᠢ᠋ᠶ᠋ᠠᠷ ᠲᠠᠲᠠᠳᠠᠭ ᠰᠣᠯᠣᠩᠭ᠎ᠠ ᠰᠢᠭ᠋
ᠪᠣᠳᠣᠯ ᠤ᠋ᠨ ᠴᠢᠨᠢ ᠦᠵᠦᠭᠦᠷ ᠲᠦ᠍ ᠰᠠᠨᠠᠭᠳᠠᠬᠤ ᠤᠤ
ᠬᠠᠢᠷᠠᠲᠤ ᠮᠢᠨᠢ
ᠢᠲᠡᠭᠡᠬᠦ ᠦᠭᠡᠢ ᠪᠣᠯᠲᠠᠯ᠎ᠠ ᠪᠠᠨ ᠴᠥᠬᠥᠷᠡᠭᠰᠡᠨ ᠬᠠᠢᠷ᠎ᠠ ᠶ᠋ᠢ ᠴᠢ ᠮᠡᠳᠡᠬᠦ ᠦᠦ
ᠪᠢ ᠮᠡᠳᠡᠨ᠎ᠡ
ᠡᠮᠢᠶᠡᠬᠦ ᠦᠭᠡᠢ ᠪᠣᠯᠲᠠᠯ᠎ᠠ ᠪᠠᠨ ᠰᠢᠷᠳᠡᠭᠰᠡᠨ ᠬᠠᠷᠠᠴᠠ ᠶ᠋ᠢ ᠴᠢ ᠮᠡᠳᠡᠬᠦ ᠦᠦ
ᠪᠢ ᠮᠡᠳᠡᠨ᠎ᠡ
ᠡᠬᠢᠨ ᠦ᠌ ᠬᠠᠢᠷ᠎ᠠ ᠭᠡᠭᠡᠨ ᠪᠠᠢᠳᠠᠭ ᠴᠤ᠌
ᠡᠷᠭᠢᠯᠳᠦᠬᠦ ᠨᠠᠪᠴᠢ ᠰᠢᠭ᠋ ᠵᠢᠷᠦᠬᠡᠨ ᠳ᠋ᠦ᠍ ᠭᠠᠩᠳᠠᠳᠠᠭ
ᠡᠢᠮᠦ ᠳ᠋ᠡᠭᠡᠨ ᠴᠦ᠍ ᠬᠠᠢᠷ᠎ᠠ ᠶ᠋ᠢ ᠬᠡᠵᠢᠶ᠎ᠡ ᠴᠦ᠍ ᠣᠢᠯᠠᠭᠠᠳᠠᠭ ᠦᠭᠡᠢ
ᠢᠯᠡᠭᠦᠦ ᠵᠢᠷᠭᠠᠯ ᠢ᠋ᠶ᠋ᠠᠨ ᠬᠠᠢᠳᠠᠭ
ᠵᠡᠭᠦᠳᠦ ᠭᠡᠳᠡᠭ ᠬᠠᠭᠤᠷᠮᠠᠴᠢ ᠪᠣᠯᠬᠣᠷ
ᠵᠢᠷᠦᠬᠡᠨ ᠳ᠋ᠡᠭᠡᠨ ᠨᠠᠨᠳᠢᠩᠨᠠᠭᠰᠠᠨ ᠬᠠᠢᠷ᠎ᠠ ᠮᠢᠨᠢ
ᠪᠣᠷᠣᠭᠠᠨ ᠤ᠋ ᠠᠶᠠᠰ ᠢ᠋ᠶ᠋ᠠᠷ ᠲᠠᠲᠠᠳᠠᠭ ᠰᠣᠯᠣᠩᠭ᠎ᠠ ᠰᠢᠭ᠋
ᠪᠣᠳᠣᠯ ᠤ᠋ᠨ ᠴᠢᠨᠢ ᠦᠵᠦᠭᠦᠷ ᠲᠦ᠍ ᠰᠠᠨᠠᠭᠳᠠᠬᠤ ᠤᠤ
ᠬᠠᠢᠷᠠᠲᠤ ᠮᠢᠨᠢ
ᠲᠡᠪᠴᠢᠬᠦ ᠦᠭᠡᠢ ᠪᠣᠯᠲᠠᠯ᠎ᠠ ᠪᠠᠨ ᠰᠠᠨᠠᠳᠠᠭ ᠬᠠᠢᠷ᠎ᠠ ᠶ᠋ᠢ ᠴᠢ ᠮᠡᠳᠡᠬᠦ ᠦᠦ
ᠤᠷᠪᠠᠬᠤ ᠦᠭᠡᠢ ᠪᠣᠯᠲᠠᠯ᠎ᠠ ᠪᠠᠨ ᠢᠲᠡᠭᠡᠭᠰᠡᠨ ᠬᠠᠢᠷ᠎ᠠ ᠶ᠋ᠢ ᠴᠢ ᠮᠡᠳᠡᠬᠦ ᠦᠦ
ᠦᠰᠦᠭ ᠠᠮᠢᠯᠠᠭᠤᠯᠤᠭᠴᠢ᠄ ᠰᠣᠨᠢᠨᠪᠠᠶᠠᠷ
