ᠫᠣᠷᠣᠷᠣ᠋ ᠨᠢᠭᠡᠳᠦᠭᠡᠷ ᠪᠦᠯᠦᠭ46 ᠠᠩᠭᠢ ПоророPororo
ᠪᠢᠴᠢᠬᠠᠨ ᠣᠴᠣᠩ ᠰᠢᠪᠠᠭᠤ ᠫᠣᠷᠣᠷᠣ᠋
ᠡᠬᠢᠯᠡᠯᠲᠡ ᠶ᠋ᠢᠨ ᠳᠠᠭᠤᠤ
ᠬᠥᠶᠢ ᠫᠣᠷᠣᠷᠣ᠋ ᠪᠠᠢᠨ᠎ᠠ
ᠲᠣᠭᠯᠠᠬᠤ ᠮᠠᠨᠢ ᠬᠠᠮᠤᠭ ᠤ᠋ᠨ ᠭᠣᠶᠣ
ᠨᠠᠢᠵᠠ ᠨᠤᠭᠤᠳ ᠠ᠋! ᠴᠤᠭᠯᠠᠭᠠᠷᠠᠢ
ᠴᠡᠩᠭᠡᠯᠳᠦᠵᠦ ᠬᠥᠭᠵᠢᠯᠳᠦᠨ ᠰᠠᠬᠢᠯᠭ᠎ᠠ ᠦᠭᠡᠢ ᠫᠣᠷᠣᠷᠣ᠋
ᠴᠠᠰᠤ ᠲᠠᠢ ᠣᠢ ᠳ᠋ᠤ᠌ ᠣᠷᠣᠭᠰᠠᠨ ᠪᠢᠳᠡ ᠨᠠᠷ
ᠪᠢᠴᠢᠬᠠᠨ ᠣᠴᠣᠩ ᠰᠢᠪᠠᠭᠤ ᠭᠠᠷᠴᠤ ᠢᠷᠡᠯ᠎ᠡ
ᠬᠡᠵᠢᠶᠡᠳᠡ ᠴᠦ᠍ ᠰᠣᠨᠢᠷᠬᠠᠯᠲᠠᠢ
ᠥᠨᠥᠳᠥᠷ ᠪᠠᠰᠠ ᠶᠠᠭᠤ ᠪᠣᠯᠬᠤ ᠪᠣᠯ ᠫᠣᠷᠣᠷᠣ᠋
ᠳᠠᠭᠤᠳᠠᠭᠠᠷᠠᠢ ᠫᠣᠷᠣᠷᠣ᠋ ᠫᠣᠷᠣᠷᠣ᠋ ᠫᠣᠷᠣᠷᠣ᠋
ᠫᠤᠷᠤ ᠫᠤᠷᠤ ᠫᠤᠷᠤ ᠫᠤᠷᠤ ᠫᠣᠷᠣᠷᠣ᠋
ᠲᠣᠭᠯᠠᠬᠤ ᠮᠠᠨᠢ ᠬᠠᠮᠤᠭ ᠤ᠋ᠨ ᠭᠣᠶᠣ
ᠨᠠᠢᠵᠠ ᠨᠤᠭᠤᠳ ᠠ᠋! ᠴᠤᠭᠯᠠᠭᠠᠷᠠᠢ
ᠴᠡᠩᠭᠡᠯᠳᠦᠵᠦ ᠬᠥᠭᠵᠢᠯᠳᠦᠨ ᠫᠤᠷᠤ ᠫᠤᠷᠤ ᠫᠤᠷᠤ ᠫᠤᠷᠤ ᠫᠣᠷᠣᠷᠣ᠋
ᠦᠵᠡᠮᠦᠷᠢᠴᠢ ᠯᠥᠤᠫᠢ
ᠯᠥᠤᠫᠢ᠄ᠬᠠᠭᠠᠨ ᠬᠦᠦ ᠭᠦᠩᠵᠦ ᠬᠣᠶᠠᠷ ᠵᠢᠷᠭᠠᠯ ᠲᠠᠢ ᠰᠠᠢᠬᠠᠨ ᠠᠮᠢᠳᠤᠷᠠᠵᠠᠢ᠃ᠭᠦᠦᠭ᠂ᠭᠣᠶᠣ ᠶᠤᠮ ᠠ᠋᠂ᠭᠦᠩᠵᠦ ᠶ᠋ᠢᠨ ᠴᠡᠴᠡᠭ ᠦ᠋ᠨ ᠮᠡᠷᠭᠡ ᠦᠨᠡᠨ ᠪᠠᠢᠵᠠᠢ᠃ᠬᠢ ᠬᠢ᠂ ᠴᠡᠴᠡᠭ ᠦ᠋ᠨ ᠮᠡᠷᠭᠡ᠂ᠪᠢ ᠪᠠᠰᠠ ᠬᠢᠵᠦ ᠦᠵᠡᠳᠡᠭ ᠶᠦᠮ ᠤᠤ?ᠥᠨᠥᠳᠥᠷ ᠴᠠᠰᠤ ᠣᠷᠣᠨ᠎ᠠ᠂ ᠣᠷᠣᠬᠤ ᠦᠭᠡᠢ᠂ᠣᠷᠣᠨ᠎ᠠ᠂ ᠣᠷᠣᠬᠤ ᠦᠭᠡᠢ᠂ᠣᠷᠣᠨ᠎ᠠ᠂ ᠣᠷᠣᠬᠤ ᠦᠭᠡᠢ᠂ ᠣᠷᠣᠨ᠎ᠠ᠃ᠬᠢ ᠬᠢ᠂ ᠬᠥᠥᠭ ᠁ᠵᠢᠩᠬᠢᠨᠢ ᠡᠴᠡ ᠪᠡᠨ ᠴᠠᠰᠤ ᠣᠷᠣᠵᠤ ᠪᠠᠢᠨ᠎ᠠ᠂ᠬᠢ ᠬᠢ ᠁
— —ᠬᠠᠴᠢᠷᠬᠠᠯᠲᠠᠢ ᠪᠠᠢᠭ᠎ᠠ ᠪᠢᠵᠡ
᠂ᠯᠥᠤᠫᠢ ᠶ᠋ᠢᠨ ᠴᠡᠴᠡᠭ ᠦ᠋ᠨ ᠮᠡᠷᠭᠡ ᠵᠥᠪ ᠪᠠᠢᠵᠠᠢ
ᠯᠥᠤᠫᠢ᠄ᠪᠣᠯᠵᠤ ᠪᠠᠢᠨ᠎ᠠ᠂ ᠲᠡᠭᠡᠪᠡᠯ ᠁
ᠡᠸᠳᠢ᠄ᠶᠠ ᠬᠦ
ᠯᠥᠤᠫᠢ᠄ᠡᠸᠳᠢ
ᠡᠸᠳᠢ᠄ᠸᠠ ᠁
ᠯᠥᠤᠫᠢ᠄ᠰᠠᠢᠨ ᠤᠤ ?
ᠡᠸᠳᠢ᠄ᠠ᠋᠂ ᠰᠠᠢᠨ ᠤᠤ ?
ᠫᠣᠷᠣᠷᠣ᠋᠄ᠠ ᠁ᠬᠣᠯᠠᠳᠬᠤ ᠦᠭᠡᠢ ᠶᠠᠭᠠᠬᠢᠭᠰᠠᠨ ᠶᠤᠮ ᠪᠣᠢ ᠯᠥᠤᠫᠢ
ᠺᠷᠤᠨ᠄ᠠ ᠁ ᠠᠢ
ᠡᠸᠳᠢ᠄ᠶᠠᠭᠠᠬᠢᠭᠰᠠᠨ ᠪᠣᠢ ? ᠯᠥᠤᠫᠢ
ᠫᠣᠷᠣᠷᠣ᠋᠄ᠪᠠᠰᠠ ᠶᠠᠭᠤᠨ ᠴᠡᠴᠡᠭ ᠪᠣᠢ ?
ᠯᠥᠤᠫᠢ᠄ᠡᠨᠡ ᠮᠢᠨᠦ ᠠᠰᠠᠭᠤᠭᠰᠠᠨ ᠶᠠᠭᠤᠮᠠᠨ ᠳ᠋ᠤ᠌ ᠬᠠᠷᠢᠭᠤᠯᠵᠤ ᠥᠭᠳᠡᠭ ᠴᠡᠴᠡᠭ᠂ᠠᠰᠠᠭᠤᠬᠤ ᠶᠠᠭᠤᠮ᠎ᠠ ᠪᠠᠢᠪᠠᠯ ᠪᠦᠭᠦᠳᠡᠭᠡᠷ ᠢ᠋ᠶ᠋ᠡᠨ ᠨᠠᠳᠠ ᠠ᠋ᠴᠠ ᠠᠰᠠᠭᠤ
ᠣᠯᠠᠨ᠄ᠠ᠋ ? ᠬᠠ ᠬᠠ ᠬᠠ ᠁
ᠯᠥᠤᠫᠢ᠄ᠨᠡᠭᠡᠷᠡᠨ ᠶᠠᠭ ᠦᠨᠡᠨ ᠬᠡᠯᠡᠳᠡᠭ ᠶᠦᠮ
ᠡᠸᠳᠢ᠄ᠬᠠ ᠬᠠ ᠬᠠ ᠁ᠴᠡᠴᠡᠭ ᠠᠰᠠᠭᠤᠭᠰᠠᠨ ᠶᠠᠭᠤᠮ᠎ᠠ ᠶ᠋ᠢ ᠬᠡᠯᠡᠵᠦ ᠥᠭᠬᠦ ᠬᠡᠷᠡᠭ ᠤᠤ ?
ᠫᠤᠪᠢ᠄ᠨᠠᠢᠵᠠ ᠨᠤᠭᠤᠳ ᠠ᠋᠂ ᠰᠠᠢᠨ ᠤᠤ ?ᠪᠦᠭᠦᠳᠡ ᠡᠨᠳᠡ ᠪᠠᠢᠭᠰᠠᠨ ᠶᠤᠮ ᠤᠤ ᠲᠠ ᠨᠠᠷ ?
ᠯᠥᠤᠫᠢ᠄ᠰᠠᠢᠨ ᠤᠤ ?
ᠫᠣᠷᠣᠷᠣ᠋᠄ᠫᠤᠪᠢ ᠵᠢᠭᠠᠰᠤᠨ ᠳ᠋ᠤ᠌ ᠶᠠᠪᠤᠵᠤ ᠪᠠᠢᠭ᠎ᠠ ᠶᠤᠮ ᠤᠤ ?
ᠫᠤᠪᠢ᠄ᠲᠡᠢᠮᠦ ᠠ᠋᠂ᠪᠦᠭᠦᠳᠡᠭᠡᠷ ᠢ᠋ᠶ᠋ᠡᠨ ᠬᠠᠮᠲᠤ ᠶᠠᠪᠤᠵᠠᠭᠠᠬᠤ ᠶᠤᠮ ᠤᠤ ?ᠲᠣᠮᠣ ᠵᠢᠭᠠᠰᠤ ᠪᠠᠷᠢᠪᠠᠯ ᠪᠢ ᠬᠤᠪᠢᠶᠠᠵᠤ ᠥᠭᠭᠦᠨ᠎ᠡ ᠰᠢᠦ
ᠡᠸᠳᠢ᠄ᠯᠥᠤᠫᠢ᠂ ᠴᠢ ᠲᠡᠭᠡᠪᠡᠯ ᠫᠤᠪᠢ ᠳ᠋ᠤ᠌ ᠲᠣᠮᠣ ᠵᠢᠭᠠᠰᠤ ᠪᠠᠷᠢᠬᠤ᠂ ᠦᠭᠡᠢ ᠶ᠋ᠢ ᠬᠡᠯᠡᠭᠡᠳ ᠥᠭᠴᠦ ᠴᠢᠳᠠᠬᠤ ᠨᠢ ᠠ᠋ ᠂ᠲᠡᠢᠮᠦ ᠠ᠋ ?
ᠯᠥᠤᠫᠢ᠄ᠮᠡᠳᠡᠭᠡᠵᠢ᠂ᠲᠣᠮᠣ ᠵᠢᠭᠠᠰᠤ ᠪᠠᠷᠢᠨ᠎ᠠ᠂ ᠪᠠᠷᠢᠬᠤ ᠦᠭᠡᠢ᠂ᠪᠠᠷᠢᠨ᠎ᠠ᠂ ᠪᠠᠷᠢᠬᠤ ᠦᠭᠡᠢ᠂ ᠪᠠᠷᠢᠨ᠎ᠠ᠃ᠬᠢ ᠬᠢ᠂ ᠫᠤᠪᠢ ᠲᠣᠮᠣ ᠵᠢᠭᠠᠰᠤ ᠪᠠᠷᠢᠬᠤ ᠶᠤᠮ ᠪᠠᠢᠨ᠎ᠠ
ᠫᠤᠪᠢ᠄᠄ᠲᠡᠢᠮᠦ ᠤᠤ ?ᠰᠣᠨᠣᠰᠤᠭᠰᠠᠨ ᠴᠢᠨᠢ ᠪᠦᠷ ᠢᠲᠡᠭᠡᠯ ᠲᠡᠢ ᠪᠣᠯᠴᠢᠬᠠᠯ᠎ᠠ ᠰᠢᠦ
ᠡᠸᠳᠢ᠄ᠵᠠ ᠲᠡᠭᠡᠪᠡᠯ ᠶᠠᠪᠤᠵᠤ ᠬᠠᠷᠠᠵᠠᠭᠠᠬᠤ ᠤᠤ ?ᠯᠠᠢ ᠁
— —ᠫᠤᠪᠢ ᠦᠨᠡᠬᠡᠷ ᠲᠣᠮᠣ ᠵᠢᠭᠠᠰᠤ ᠪᠠᠷᠢᠵᠤ ᠴᠢᠳᠠᠬᠤ ᠪᠣᠯᠪᠠ ᠤᠤ ?
ᠫᠣᠷᠣᠷᠣ᠋᠄ᠵᠢᠩᠬᠢᠨᠢ ᠡᠴᠡ ᠪᠡᠨ ᠲᠣᠮᠣ ᠵᠢᠭᠠᠰᠤ ᠪᠠᠷᠢᠭᠳᠠᠬᠤ ᠪᠣᠯᠪᠠ ᠤᠤ ?
ᠯᠥᠤᠫᠢ᠄ᠵᠠᠪᠠᠯ ᠪᠠᠷᠢᠭᠳᠠᠨ᠎ᠠ
ᠡᠸᠳᠢ᠄ᠤᠳᠠᠬᠤ ᠦᠭᠡᠢ ᠮᠡᠳᠡᠭᠳᠡᠬᠦ ᠪᠢᠵᠡ
ᠯᠥᠤᠫᠢ᠄ᠬᠦᠯᠢᠶᠡᠵᠦ ᠯᠡ ᠪᠠᠢᠶ᠎ᠠ ᠬᠡᠩ ᠁
ᠫᠤᠪᠢ᠄ᠪᠠᠷᠢᠭᠳᠠᠭᠰᠠᠨ ᠰᠢᠦ
ᠣᠯᠠᠨ᠄ ᠠ ?
ᠫᠤᠪᠢ᠄ᠦ᠂ ᠵᠢᠭᠠᠰᠤ ᠪᠢᠰᠢ ᠬᠠᠪᠴᠢ ᠪᠠᠷᠢᠭᠳᠠᠭᠰᠠᠨ ᠪᠠᠢᠨ᠎ᠠ ᠰᠢᠳᠡ ᠠ᠋
ᠡᠸᠳᠢ᠄ᠠ᠋᠂ ᠲᠡᠢᠮᠦ ᠯᠡ ᠪᠠᠢᠯᠭᠦᠢ ᠳᠡ᠂ᠯᠥᠤᠫᠢ ᠶ᠋ᠢᠨ ᠮᠡᠷᠭᠡ ᠬᠤᠳᠠᠯ ᠠ᠋
ᠯᠥᠤᠫᠢ᠄ᠲᠡᠢᠮᠦ ᠪᠠᠢᠬᠤ ᠤᠴᠢᠷ ᠦᠭᠡᠢ᠂ᠫᠤᠪᠢ ᠤᠳᠠᠬᠤ ᠦᠭᠡᠢ ᠲᠣᠮᠣ ᠵᠢᠭᠠᠰᠤ ᠪᠠᠷᠢᠬᠤ ᠶᠤᠮ ᠴᠢᠨᠢ
ᠡᠸᠳᠢ᠄ᠲᠡᠭᠡᠪᠡᠯ ᠬᠦᠯᠢᠶᠡᠵᠦ ᠯᠡ ᠪᠠᠢᠬᠤ ᠦᠭᠡᠢ ᠤᠤ᠂ᠪᠢ ᠯᠠᠪ ᠬᠠᠷᠢᠯ᠎ᠠ
ᠯᠥᠤᠫᠢ᠄ᠬᠡᠩ᠂ ᠲᠣᠮᠣ ᠵᠢᠭᠠᠰᠤ ᠪᠠᠷᠢᠭᠳᠠᠭᠰᠠᠨ ᠤ᠋ ᠳᠠᠷᠠᠭ᠎ᠠ ᠪᠢᠲᠡᠭᠡᠢ ᠣᠯᠠᠨ ᠶᠠᠭᠤᠮ᠎ᠠ ᠶᠠᠷᠢᠭᠠᠳ ᠪᠠᠢᠭᠠᠷᠠᠢ
ᠯᠥᠤᠫᠢ᠄ᠬᠠᠯᠲᠤᠷᠢᠵᠤ ᠤᠨᠠᠭᠠᠷᠠᠢ ᠴᠢ ᠬᠡᠩ ᠁
ᠣᠯᠠᠨ᠄ᠠ ?
ᠯᠥᠤᠫᠢ᠄ᠶᠠᠭᠠᠬᠢᠨ᠎ᠠ ?ᠮᠢᠨᠦ ᠬᠡᠯᠡᠭᠰᠡᠨ ᠡᠴᠡ ᠪᠣᠯᠤᠭᠠᠳ ᠤᠨᠠᠴᠢᠬᠠᠯ᠎ᠠ
— —ᠡᠸᠳᠢ ᠵᠢᠩᠬᠢᠨᠢ ᠡᠴᠡ ᠪᠡᠨ ᠬᠠᠯᠲᠤᠷᠢᠭᠠᠳ ᠤᠨᠠᠴᠢᠬᠠᠯ᠎ᠠ
ᠫᠤᠪᠢ᠄ᠦᠢ᠂ ᠦ ?ᠲᠣᠮᠣ ᠵᠢᠭᠠᠰᠤ ᠶᠤᠮ ᠰᠢᠭ᠋ ᠪᠠᠢᠨ᠎ᠠ
ᠡᠸᠳᠢ᠄ᠲᠣᠮᠣ ᠵᠢᠭᠠᠰᠤ ᠠ᠋ ?
ᠫᠤᠪᠢ᠄ᠠ᠋ ᠠ᠋ ᠁ᠲᠠᠲᠠᠭᠠᠳ ᠪᠠᠢᠨ᠎ᠠ
ᠣᠯᠠᠨ᠄ᠠ᠋ ᠢ ᠁ ᠠ᠋ ᠁
ᠫᠣᠷᠣᠷᠣ᠋᠄ᠦ ? ᠲᠣᠮᠣ ᠶᠤᠮ ᠠ᠋
ᠯᠥᠤᠫᠢ᠄ᠦᠨᠡᠨ ᠪᠠᠢᠨ᠎ᠠ
ᠫᠤᠪᠢ᠄ᠯᠥᠤᠫᠢ ᠶ᠋ᠢᠨ ᠬᠡᠯᠡᠳᠡᠭ ᠦᠨᠡᠨ ᠪᠠᠢᠵᠠᠢ
ᠡᠸᠳᠢ᠄ᠦᠨᠡᠨ ᠪᠠᠢᠨ᠎ᠠ
ᠯᠥᠤᠫᠢ᠄ᠲᠡᠷᠡ᠂ ᠮᠢᠨᠦ ᠬᠡᠯᠡᠭᠰᠡᠨ ᠦᠨᠡᠨ ᠪᠠᠢᠭ᠎ᠠ ᠪᠢᠵᠡ ᠳᠡ
ᠣᠯᠠᠨ᠄ᠵᠢᠭᠠᠰᠤ ᠪᠠᠷᠢᠬᠤ ᠪᠠᠷ ᠳᠠᠯᠠᠢ ᠶᠠᠪᠤᠬᠤ ᠤᠤ ?
ᠵᠢᠭᠠᠰᠤ ᠪᠠᠷᠢᠬᠤ ᠪᠠᠷ ᠭᠣᠣᠯ ᠤᠷᠤᠭᠤ ᠶᠠᠪᠤᠬᠤ ᠤᠤ ?
ᠵᠢᠭᠠᠰᠤ ᠪᠠᠷᠢᠬᠤ ᠪᠠᠷ ᠳᠠᠯᠠᠢ ᠶᠠᠪᠤᠬᠤ ᠤᠤ ?
ᠵᠢᠭᠠᠰᠤ ᠪᠠᠷᠢᠬᠤ ᠪᠠᠷ ᠭᠣᠣᠯ ᠤᠷᠤᠭᠤ ᠶᠠᠪᠤᠬᠤ ᠤᠤ ?
—ᠲᠡᠷᠡ ᠡᠳᠦᠷ ᠦ᠋ᠨ ᠣᠷᠣᠢ ᠶ᠋ᠢᠨ ᠬᠣᠭᠣᠯᠠᠨ ᠳ᠋ᠤ᠌ ᠫᠤᠷᠤᠷᠤ᠋ ᠪᠣᠯᠤᠨ ᠲᠡᠭᠦᠨ ᠦ᠌ ᠨᠠᠢᠵᠠ ᠨᠤᠭᠤᠳ ᠫᠤᠪᠢ ᠶ᠋ᠢᠨ ᠪᠠᠷᠢᠭᠰᠠᠨ ᠲᠣᠮᠣ ᠵᠢᠭᠠᠰᠤ ᠶ᠋ᠢ ᠠᠮᠲᠠᠷᠬᠠᠨ ᠢᠳᠡᠵᠡᠭᠡᠵᠡᠢ᠃ᠦᠨᠡᠬᠡᠷ ᠯᠥᠤᠫᠢ ᠶ᠋ᠢᠨ ᠴᠡᠴᠡᠭ ᠦ᠋ᠨ ᠮᠡᠷᠭᠡ ᠦᠨᠡᠨ ᠬᠡᠯᠡᠭᠰᠡᠨ ᠪᠣᠯᠪᠠ ᠤᠤ ?
ᠲᠡᠭᠦᠰᠬᠡᠯ ᠦ᠋ᠨ ᠳᠠᠭᠤᠤ
ᠯᠠ ᠯᠡ᠁ ᠯᠡ᠁ ᠺᠣᠷᠠ
ᠯᠠ ᠯᠡ᠁ ᠯᠡ᠁ ᠺᠣᠷᠠ
ᠯᠠ ᠯᠡ᠁ ᠯᠡ ᠯᠡ᠁ ᠯᠡ ᠺᠣᠷᠠ
ᠮᠥᠰᠥᠨ ᠦ᠌ ᠴᠠᠭᠠᠨ ᠪᠠᠭᠠᠪᠠᠭᠠᠢ ᠫᠤᠪᠢ
ᠵᠣᠬᠢᠶᠠᠨ ᠪᠦᠲᠦᠭᠡᠭᠴᠢ ᠦᠨᠡᠭᠡᠨ ᠦ᠌ ᠵᠤᠯᠵᠠᠭ᠎ᠠ ᠡᠳ᠋ᠳᠢ
ᠰᠠᠢᠬᠠᠨ ᠰᠡᠳᠬᠢᠯᠳᠦ ᠮᠢᠨᠵᠢ ᠥᠬᠢᠨ ᠯᠥᠤᠫᠢ
ᠳ᠋ᠢᠨᠰᠠᠪᠤᠤᠷ ᠤ᠋ᠨ ᠵᠤᠯᠵᠠᠭ᠎ᠠ ᠺᠷᠤᠨ
ᠰᠠᠬᠢᠯᠭ᠎ᠠ ᠦᠭᠡᠢ ᠪᠠᠨᠳᠢ ᠫᠣᠷᠣᠷᠣ᠋
ᠪᠢᠳᠡ ᠪᠣᠯ ᠰᠠᠢᠨ ᠨᠠᠢᠵᠠ ᠨᠤᠭᠤᠳ
ᠵᠠᠷᠢᠮ ᠳ᠋ᠤ᠌ ᠪᠠᠨ ᠮᠠᠭᠤᠳᠠᠯᠴᠠᠪᠠᠴᠤ ᠶᠡᠷᠦ ᠳ᠋ᠤ᠌ ᠠᠨ
ᠦᠷᠭᠦᠯᠵᠢ ᠪᠡᠶ᠎ᠡ ᠪᠡᠶ᠎ᠡ ᠪᠡᠨ ᠲᠤᠰᠠᠯᠠᠵᠤ
ᠦᠷᠭᠦᠯᠵᠢ ᠪᠡᠶ᠎ᠡ ᠪᠡᠶ᠎ᠡ ᠪᠡᠨ ᠤᠶ᠋ᠢᠯᠠᠭᠠᠳᠠᠭ
ᠪᠢᠳᠡ ᠰᠠᠢᠨ ᠨᠠᠢᠵᠠ ᠨᠤᠭᠤᠳ ᠪᠢᠯᠡ
ᠯᠡ ᠯᠡ ᠁ ᠯᠡ ᠺᠣᠷᠠ ᠺᠣᠷᠠ
ᠦᠰᠦᠭ ᠠᠮᠢᠯᠠᠭᠤᠯᠤᠨ ᠬᠠᠲᠠᠭᠰᠠᠨ ᠨᠢ᠄ ᠪᠠᠶᠠᠨᠲᠠᠨ᠎ᠠ
ᠬᠢᠨᠠᠭᠰᠠᠨ ᠨᠢ᠄ ᠮᠥᠴᠢᠷ᠂ ᠪ· ᠯᠠᠪᠳᠠᠭᠤᠨ