ᠤᠰᠤᠨ ᠵᠢᠷᠣᠭ᠎ᠠ ᠦᠦᠰᠢᠨ ᠠᠳᠤᠭᠤ – ᠦᠭᠡ᠂ ᠠᠶ᠎ᠠ᠄ ᠭᠠᠰᠢᠤ᠎ᠠ ᠂ ᠳᠠᠭᠤᠴᠢᠨ᠄ ᠠᠯᠲᠠᠨᠳᠠᠯᠠᠢ Усан жороо үүшин адуу – Үг᠂ ая᠄ Гашива ᠂ Дуучин᠄ Алтандалай ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠰᠤᠨ ᠵᠢᠷᠣᠭ᠎ᠠ ᠦᠦᠰᠢᠨ ᠠᠳᠤᠭᠤ – ᠦᠭᠡ᠂ ᠠᠶ᠎ᠠ᠄ ᠭᠠᠰᠢᠤ᠎ᠠ ᠂ ᠳᠠᠭᠤᠴᠢᠨ᠄ ᠠᠯᠲᠠᠨᠳᠠᠯᠠᠢ Усан жороо үүшин адуу – Үг᠂ ая᠄ Гашива ᠂ Дуучин᠄ Алтандалай

ᠤᠰᠤᠨ ᠵᠢᠷᠣᠭ᠎ᠠ ᠦᠦᠰᠢᠨ ᠠᠳᠤᠭᠤ – ᠦᠭᠡ᠂ ᠠᠶ᠎ᠠ᠄ ᠭᠠᠰᠢᠤ᠎ᠠ ᠂ ᠳᠠᠭᠤᠴᠢᠨ᠄ ᠠᠯᠲᠠᠨᠳᠠᠯᠠᠢ Усан жороо үүшин адуу – Үг᠂ ая᠄ Гашива ᠂ Дуучин᠄ Алтандалай

ᠠᠩᠭᠢᠯᠠᠯ:ᠳᠠᠭᠤᠤ ᠬᠥᠭᠵᠢᠮ
2025-01-25

1155

ᠤᠰᠤᠨ ᠵᠢᠷᠣᠭ᠎ᠠ ᠦᠦᠰᠢᠨ ᠠᠳᠤᠭᠤ


           ᠦᠭᠡ᠂ ᠠᠶ᠎ᠠ᠄ ᠭᠠᠰᠢᠤ᠎ᠠ   
           ᠳᠠᠭᠤᠴᠢᠨ᠄ ᠠᠯᠲᠠᠨᠳᠠᠯᠠᠢ  
           ᠬᠥᠭᠵᠢᠮ ᠨᠠᠢᠷᠠᠭᠤᠯᠤᠭᠴᠢ᠄ ᠷᠢᠸᠠᠳᠢ  
           ᠮᠣᠷᠢᠨ ᠬᠤᠭᠤᠷ᠄ ᠠᠯᠲᠠᠨᠳᠠᠯᠠᠢ  
           ᠰᠢᠩᠭᠡᠭᠡᠭᠰᠡᠨ ᠨᠢ᠄ ᠠᠯᠲᠠᠨᠳᠠᠯᠠᠢ    

 ᠤᠰᠤᠨ ᠵᠢᠷᠣᠭ᠎ᠠ ᠦᠦᠰᠢᠨ ᠠᠳᠤᠭᠤ  
 ᠤᠳᠤᠮ ᠰᠠᠢᠲᠠᠢ ᠶ᠋ᠢᠨ ᠤᠨᠠᠭ᠎ᠠ ᠶᠤᠮ  
 ᠤᠷᠭᠠᠨ ᠳ᠋ᠤ᠌ ᠲᠣᠷᠬᠤ ᠦᠭᠡᠢ ᠠᠭᠰᠤᠮ ᠠᠭᠲᠠᠳ  
 ᠠᠭᠤᠳᠠᠮ ᠲᠠᠯ᠎ᠠ ᠳ᠋ᠤ᠌ ᠪᠠᠨ ᠲᠠᠪᠠᠲᠠᠢ ᠳᠠᠪᠬᠢᠨ᠎ᠠ  
     ᠬᠤᠷᠤᠢ ᠬᠤᠷᠤᠢ ᠬᠤᠷᠤᠢ ᠬᠤᠷᠤᠢ   
 ᠮᠢᠩᠭᠠᠨ ᠠᠳᠤᠭᠤᠨ ᠤ᠋ ᠮᠠᠩᠯᠠᠢ ᠠᠵᠢᠨᠠᠢ  
 ᠮᠥᠩᠬᠡ ᠲᠩᠷᠢ ᠶ᠋ᠢᠨ ᠡᠷᠳᠡᠨᠢ ᠶ᠋ᠢᠨ ᠬᠦᠯᠦᠭ  
 
 ᠲᠠᠯᠠᠪᠠᠢ ᠳᠤᠮᠳᠠ ᠪᠠᠨ ᠲᠡᠮᠡᠦᠯᠦᠨ ᠲᠡᠮᠡᠦᠯᠬᠦ ᠳ᠋ᠦ᠍  
 ᠲᠡᠰᠢᠶ᠎ᠡ ᠳᠦᠭᠦᠷᠡᠩ ᠪᠤᠯᠭᠢᠯᠠᠵᠤ ᠪᠤᠴᠠᠯᠭᠠᠨ᠎ᠠ  
 ᠲᠠᠮᠠᠭᠠᠨ ᠳᠤᠭᠤᠢ ᠲᠤᠭᠤᠷᠠᠢ ᠶ᠋ᠢᠨ ᠲᠠᠪᠠᠭ ᠠ᠋ᠴᠠ  
 ᠲᠣᠭᠣᠰᠣ ᠪᠤᠲᠠᠷᠠᠭᠤᠯᠤᠨ ᠰᠤᠭᠤᠨᠠᠭ ᠲᠠᠲᠠᠨ᠎ᠠ  
     ᠬᠤᠷᠤᠢ ᠬᠤᠷᠤᠢ ᠬᠤᠷᠤᠢ ᠬᠤᠷᠤᠢ  
 ᠮᠢᠩᠭᠠᠨ ᠠᠳᠤᠭᠤᠨ ᠮᠠᠩᠯᠠᠢ ᠠᠵᠢᠨᠠᠢ  
 ᠮᠥᠩᠬᠡ ᠲᠩᠷᠢ ᠶ᠋ᠢᠨ ᠡᠷᠳᠡᠨᠢ ᠶ᠋ᠢᠨ ᠬᠦᠯᠦᠭ   

 ᠤᠰᠤᠨ ᠵᠢᠷᠣᠭ᠎ᠠ ᠦᠦᠰᠢᠨ ᠠᠳᠤᠭᠤ  
 ᠤᠷᠤᠰᠤᠮ᠎ᠠ ᠵᠥᠭᠡᠯᠡᠨ ᠤᠷᠠᠨ ᠶᠠᠪᠤᠳᠠᠯ ᠲᠠᠢ  
 ᠦᠵᠦᠭᠦᠷ ᠰᠤᠮᠤᠳᠠᠨ ᠭᠠᠷᠬᠤ ᠳ᠋ᠤ᠌  
 ᠡᠪᠡᠷ ᠲᠤᠭᠤᠷᠠᠢ ᠠ᠋ᠴᠠ ᠨᠢ ᠣᠴᠢ ᠪᠠᠳᠠᠷᠠᠨ᠎ᠠ  
     ᠬᠤᠷᠤᠢ ᠬᠤᠷᠤᠢ ᠬᠤᠷᠤᠢ ᠬᠤᠷᠤᠢ  
 ᠮᠢᠩᠭᠠᠨ ᠠᠳᠤᠭᠤᠨ ᠤ᠋ ᠮᠠᠩᠯᠠᠢ ᠠᠵᠢᠨᠠᠢ  
 ᠮᠥᠩᠬᠡ ᠲᠩᠷᠢ ᠶ᠋ᠢᠨ ᠡᠷᠳᠡᠨᠢ ᠶ᠋ᠢᠨ ᠬᠦᠯᠦᠭ  
     ᠬᠤᠷᠤᠢ ᠬᠤᠷᠤᠢ ᠬᠤᠷᠤᠢ ᠬᠤᠷᠤᠢ