ᠬᠠᠢᠷ᠎ᠠ - ᠴᠣᠭᠲᠠᠢ ᠂ ᠨᠠᠮᠢᠷᠭᠠᠨ ᠂ ᠳᠠᠷᠬᠠᠳ ᠮᠡᠷᠭᠡᠨ Хайр -Цогтой , Намиргаан, Дархад Мэргэн
ᠬᠠᠢᠷ᠎ᠠ
ᠦᠭᠡ ᠠᠶ᠎ᠠ᠄ ᠳᠠᠷᠬᠠᠳ ᠮᠡᠷᠭᠡᠨ
ᠴᠣᠭᠲᠠᠢ ᠨᠠᠮᠢᠷᠠᠭᠠᠨ ᠳᠠᠷᠬᠠᠳ ᠮᠡᠷᠭᠡᠨ ᠳᠠᠭᠤᠯᠠᠨ᠎ᠠ
ᠰᠠᠷᠠᠨ ᠤ᠋ ᠲᠤᠶᠠᠭᠠᠨ ᠳᠣᠣᠷ᠎ᠠ
ᠰᠠᠷᠠᠭᠤᠯ ᠲᠠᠯ᠎ᠠ ᠶ᠋ᠢᠨ ᠤᠨᠢᠶᠠᠷ ᠳᠤᠮᠳᠠ
ᠬᠠᠢᠯᠭᠠᠨ ᠴᠢ ᠮᠢᠨᠢ ᠰᠠᠨᠠᠭᠳᠠᠭᠤᠯᠤᠨ᠎ᠠ ᠳᠠ
ᠰᠠᠭᠠᠷᠠᠯ ᠮᠣᠷᠢ ᠲᠠᠢ ᠴᠢᠮ᠎ᠠ ᠳ᠋ᠠᠭᠠᠨ ᠬᠦᠷᠦᠨ᠎ᠡ ᠲᠠ
ᠦᠯᠢᠭᠡᠷ ᠳᠣᠮᠣᠭ ᠰᠢᠭ᠋ ᠢ᠋ᠶ᠋ᠡᠷ ᠭᠦᠶᠦᠨ ᠨᠠᠳᠠ ᠤᠷᠤᠭᠤ ᠢᠷ᠎ᠡ
ᠵᠥᠪ ᠴᠠᠭ ᠤ᠋ᠨ ᠵᠠᠶᠠᠭᠠᠨ ᠳ᠋ᠤ᠌ ᠠᠵᠠ ᠵᠢᠷᠭᠠᠯ ᠬᠦᠯᠢᠶᠡᠨ᠎ᠡ
ᠵᠡᠭᠦᠳᠦ ᠶᠦᠮ ᠰᠢᠭ ᠢ᠋ᠶ᠋ᠡᠷ ᠴᠢᠨᠦ ᠬᠠᠴᠠᠷ ᠢ᠋ ᠢᠯᠢᠨ
ᠳᠣᠷᠣᠨ᠎ᠠ ᠵᠦᠭ ᠡᠴᠡ ᠲᠠᠲᠠᠬᠤ ᠭᠡᠷᠡᠯ ᠡᠭᠦᠯᠡ ᠴᠣᠭᠣᠯᠬᠤ ᠦᠶ᠎ᠡ ᠪᠡᠷ
ᠵᠠᠭᠤᠨ ᠵᠢᠯ ᠪᠣᠯᠤᠭᠰᠠᠨ ᠴᠤ᠌ ᠮᠢᠨᠦ ᠰᠡᠳᠬᠢᠯ ᠬᠡᠪ ᠢ᠋ᠶ᠋ᠡᠷ ᠢ᠋ᠶ᠋ᠡᠨ
ᠣᠨ ᠴᠠᠭ ᠬᠤᠪᠢᠷᠠᠭᠰᠠᠨ ᠴᠤ᠌ ᠪᠢ ᠴᠢᠮᠠᠶ᠋ᠢ ᠬᠦᠯᠢᠶᠡᠨ᠎ᠡ
ᠮᠥᠷᠦᠨ ᠳᠡᠭᠡᠷ᠎ᠡ ᠪᠠᠢᠭ᠎ᠠ ᠨᠢ ᠵᠢᠷᠦᠬᠡ ᠪᠣᠯᠤᠨ ᠭᠡᠷ ᠠ᠋
ᠡᠨᠡ ᠪᠣᠯ ᠬᠠᠢᠷ᠎ᠠ ᠳᠥᠯᠥ ᠰᠢᠭ ᠢ᠋ᠶ᠋ᠡᠨ ᠪᠦᠯᠢᠶᠡᠨ
ᠡᠨᠡᠬᠦ ᠨᠢᠭᠤᠴᠠᠭᠠᠨ ᠳ᠋ᠤ᠌ ᠦᠯᠡᠳᠡᠭᠳᠡᠬᠦ ᠪᠢᠳᠡᠨ ᠦ᠌ ᠳᠤᠷᠠᠯᠠᠯ
ᠬᠠᠭᠤᠳᠠᠰᠤ ᠪᠠᠨ ᠡᠷᠭᠢᠭᠦᠯ ᠬᠠᠢᠷ᠎ᠠ ᠭᠡᠳᠡᠭ ᠤᠷᠠᠯᠢᠭ
ᠲᠠᠭᠤᠴᠠᠭᠠᠨ ᠳ᠋ᠤ᠌ ᠮᠣᠩᠭᠣᠯ ᠡᠷ᠎ᠡ ᠬᠥᠮᠦᠨ ᠮᠣᠷᠢᠨ ᠳᠡᠯ ᠢ᠋ᠶ᠋ᠡᠨ ᠴᠢᠩᠭᠠᠯᠠ
ᠣᠴᠢᠬᠤ ᠭᠠᠵᠠᠷ ᠬᠣᠯᠠ ᠪᠠᠢᠨ᠎ᠠ ᠰᠢᠳᠦ ᠪᠡᠨ ᠵᠠᠭᠤᠨ ᠵᠠᠩᠭᠢᠲᠤ
ᠮᠥᠷ ᠢ᠋ᠶ᠋ᠡᠨ ᠦᠯᠡᠳᠡᠭᠡᠵᠦ ᠠᠭᠤᠯᠠᠰ ᠢ᠋ ᠳᠠᠪᠠᠨ᠎ᠠ
ᠳᠠᠭᠤᠰᠬᠤ ᠪᠡᠶ᠎ᠡ ᠪᠡᠨ ᠵᠣᠷᠢᠭᠤᠯᠵᠤ ᠳᠠᠭᠤᠨ ᠳᠡᠭᠡᠷ᠎ᠡ
ᠦᠯᠡᠳᠡᠭᠳᠡᠬᠦ ᠡᠨᠡᠬᠦ ᠰᠥᠰᠥ ᠵᠣᠷᠢᠭ
ᠳᠡᠭᠦᠯᠢᠨ ᠪᠦᠷᠭᠦᠳ ᠰᠢᠭ ᠬᠡᠵᠢᠶᠡᠳᠡ ᠪᠢᠲᠡᠭᠡᠢ ᠬᠣᠷᠢᠭᠳᠠ
ᠮᠥᠷᠥᠭᠡᠳᠦᠨ ᠤᠳᠠᠯ᠎ᠠ
ᠵᠠᠭᠤᠨ ᠵᠠᠭᠤᠨ ᠵᠢᠯ ᠵᠠᠭᠤᠨ ᠵᠠᠭᠤᠨ ᠵᠢᠯ ᠤᠯᠠᠷᠢᠨ ᠦᠯᠡᠳᠡᠭᠳᠡᠨᠡ
ᠴᠢᠮ᠎ᠠ ᠶ᠋ᠢ ᠪᠢ ᠳᠤᠷᠠᠰᠤᠯ᠎ᠠ
ᠴᠢᠮ᠎ᠠ ᠶ᠋ᠢ ᠲᠡᠪᠡᠷᠢᠵᠦ ᠴᠢᠨᠦ ᠳᠡᠷᠭᠡᠳᠡ ᠨᠣᠢᠷᠰᠤᠮᠠᠷ ᠪᠠᠢᠨ᠎ᠠ
ᠰᠠᠷᠠᠨ ᠤ᠋ ᠲᠤᠶᠠᠭᠠᠨ ᠳᠣᠣᠷ᠎ᠠ
ᠰᠠᠷᠠᠭᠤᠯ ᠲᠠᠯ᠎ᠠ ᠶ᠋ᠢᠨ ᠤᠨᠢᠶᠠᠷ ᠳᠤᠮᠳᠠ
ᠬᠠᠢᠯᠭᠠᠨ ᠴᠢ ᠮᠢᠨᠢ ᠰᠠᠨᠠᠭᠳᠠᠭᠤᠯᠤᠨ᠎ᠠ ᠳᠠ
ᠰᠠᠭᠠᠷᠠᠯ ᠮᠣᠷᠢ ᠲᠠᠢ ᠴᠢᠮ᠎ᠠ ᠳ᠋ᠠᠭᠠᠨ ᠬᠦᠷᠦᠨ᠎ᠡ
ᠲᠠ ᠴᠠᠭ ᠬᠤᠭᠤᠴᠠᠭ᠎ᠠ ᠭᠡᠷᠡᠴᠢ ᠪᠣᠯᠤᠨ᠎ᠠ
ᠬᠠᠢᠷ᠎ᠠ ᠳᠤᠷᠠᠯᠠᠯ ᠡᠮ ᠪᠣᠯᠤᠨ᠎ᠠ
ᠪᠡᠷᠬᠡ ᠨᠤᠭᠤᠴᠠᠭᠠᠨ ᠳ᠋ᠤ᠌ ᠲᠡᠰᠴᠦ ᠪᠣᠯᠤᠨ᠎ᠠ
ᠡᠷᠢᠵᠦ ᠴᠢᠮ᠎ᠠ ᠶ᠋ᠢ ᠬᠠᠢᠵᠤ ᠣᠯᠤᠨ᠎ᠠ
ᠮᠥᠷᠡᠨ ᠳᠠᠪᠠᠯᠭᠠᠯᠠᠵᠤ ᠤᠷᠤᠰᠤᠨ᠎ᠠ ᠲᠤᠩᠭᠠᠯᠠᠭ ᠤᠰᠤᠨ ᠳ᠋ᠤ᠌
ᠤᠷᠤᠰᠤᠨ᠎ᠠ ᠮᠢᠨᠦ ᠳᠤᠷᠠᠰᠤᠮᠵᠢ ᠮᠢᠨᠦ ᠮᠢᠬ᠎ᠠ ᠴᠢᠰᠤᠨ ᠳ᠋ᠤ᠌
ᠶᠠᠭ ᠡᠨᠡ ᠮᠥᠴᠡ ᠳ᠋ᠦ᠍ ᠦᠯᠢᠭᠡᠷ ᠳᠠᠭᠤᠰᠤᠨ᠎ᠠ
ᠳᠠᠬᠢᠨ ᠲᠥᠷᠥᠭᠡᠳ ᠴᠢᠮ᠎ᠠ ᠲᠠᠢ ᠪᠠᠨ ᠡᠨᠳᠡ ᠠᠭᠤᠰᠤᠨ᠎ᠠ
ᠬᠣᠶᠠᠷ ᠴᠡᠴᠡᠭ ᠪᠣᠯᠤᠨ ᠳᠡᠯᠭᠡᠷᠡᠨ᠎ᠡ
ᠨᠣᠭᠣᠭᠠᠨ ᠲᠠᠯ᠎ᠠ ᠳᠡᠭᠡᠷ᠎ᠡ ᠴᠢᠮᠡᠭ ᠪᠣᠯᠤᠨ
ᠶᠠᠭᠤᠨ ᠠ᠋ᠴᠠ ᠴᠤ᠌ ᠭᠡᠰᠡᠨ ᠨᠡᠯᠦᠭᠡᠷ
ᠴᠢ ᠮᠢᠨᠦ ᠠᠮᠢᠳᠤᠷᠠᠯ ᠤ᠋ᠨ ᠣᠯᠠᠨ ᠶᠠᠩᠵᠤ ᠶ᠋ᠢᠨ ᠬᠡᠯᠪᠡᠷᠢ
ᠰᠡᠴᠡᠨ ᠤᠬᠠᠭᠠᠨ ᠣᠶᠤᠨ ᠰᠠᠨᠠᠭ᠎ᠠ ᠲᠩᠷᠢ ᠴᠢᠮ᠎ᠠ ᠳ᠋ᠤ᠌ ᠪᠡᠯᠡᠭᠯᠡᠵᠦ
ᠴᠢ ᠪᠠᠢᠪᠠᠯ ᠪᠥᠮᠪᠥᠷᠴᠡᠭ ᠲᠡᠩᠭᠡᠯᠢᠭ ᠦᠭᠡᠢ ᠪᠡᠷ ᠡᠷᠭᠢᠨ᠎ᠡ
ᠦᠰᠦᠭ ᠪᠢᠴᠢᠭ ᠤᠰᠤᠨ ᠪᠣᠳᠣᠭ ᠤᠷᠠᠯᠢᠭ ᠪᠣᠯᠵᠤ ᠬᠡᠪᠯᠡᠨ᠎ᠡ
ᠪᠦᠰᠡᠭᠦᠢ ᠴᠢᠨᠦ ᠭᠤᠸ᠎ᠠ ᠰᠠᠢᠬᠠᠨ ᠨᠢ ᠰᠥᠨᠢ ᠶ᠋ᠢᠨ ᠵᠡᠭᠦᠳᠦ ᠶ᠋ᠢ ᠨᠥᠮᠥᠷᠦᠨ᠎ᠡ
ᠪᠤᠭᠤᠷᠤᠯ ᠲᠠᠯ᠎ᠠ ᠨᠢ ᠪᠢᠳᠡᠨ ᠦ᠌ ᠲᠡᠦᠬᠡ ᠶ᠋ᠢ ᠥᠭᠦᠯᠡᠨ᠎ᠡ
ᠮᠥᠷᠥᠭᠡᠳᠦᠨ ᠤᠳᠠᠯ᠎ᠠ
ᠵᠠᠭᠤᠨ ᠵᠠᠭᠤᠨ ᠵᠢᠯ ᠵᠠᠭᠤᠨ ᠵᠠᠭᠤᠨ ᠵᠢᠯ ᠤᠯᠠᠷᠢᠨ ᠦᠯᠡᠳᠡᠭᠳᠡᠨᠡ
ᠴᠢᠮ᠎ᠠ ᠶ᠋ᠢ ᠪᠢ ᠳᠤᠷᠠᠰᠤᠯ᠎ᠠ
ᠴᠢᠮ᠎ᠠ ᠶ᠋ᠢ ᠲᠡᠪᠡᠷᠢᠵᠦ ᠴᠢᠨᠦ ᠳᠡᠷᠭᠡᠳᠡ ᠨᠣᠢᠷᠰᠤᠮᠠᠷ ᠪᠠᠢᠨ᠎ᠠ
ᠰᠠᠷᠠᠨ ᠤ᠋ ᠲᠤᠶᠠᠭᠠᠨ ᠳᠣᠣᠷ᠎ᠠ
ᠰᠠᠷᠠᠭᠤᠯ ᠲᠠᠯ᠎ᠠ ᠶ᠋ᠢᠨ ᠤᠨᠢᠶᠠᠷ ᠳᠤᠮᠳᠠ
ᠬᠠᠢᠯᠭᠠᠨ ᠴᠢ ᠮᠢᠨᠢ ᠰᠠᠨᠠᠭᠳᠠᠭᠤᠯᠤᠨ᠎ᠠ ᠳᠠ
ᠰᠠᠭᠠᠷᠠᠯ ᠮᠣᠷᠢ ᠲᠠᠢ ᠴᠢᠮ᠎ᠠ ᠳ᠋ᠠᠭᠠᠨ ᠬᠦᠷᠦᠨ᠎ᠡ ᠳ᠋ᠠ
ᠦᠰᠦᠭ ᠠᠮᠢᠯᠠᠭᠤᠯᠤᠭᠴᠢ᠄ ᠨᠠᠷᠠᠨᠲᠤᠶᠠᠭ᠎ᠠ
