ᠮᠡᠷᠭᠡᠯ ᠭᠣᠣᠯ ᠤ᠋ᠨ ᠳᠠᠭᠤᠯᠠᠯ – ᠦᠭᠡ᠄ ᠪᠢᠯᠢᠭᠲᠦ᠂ᠠᠶ᠎ᠠ᠄ ᠴᠢᠯᠠᠭᠤᠨᠪᠥ᠋ᠬᠡ᠂ᠳᠠᠭᠤᠴᠢᠨ᠄ ᠴᠢᠯᠠᠭᠤ Мэргэл голын дуулал – Үг᠄ Билигт ᠂ Ая᠄ Чулуунбөх ᠂ Дуучин᠄ Чулуу
ᠮᠡᠷᠭᠡᠯ ᠭᠣᠣᠯ ᠤ᠋ᠨ ᠳᠠᠭᠤᠯᠠᠯ
ᠠᠶ᠎ᠠ᠄ ᠴᠢᠯᠠᠭᠤᠨᠪᠥ᠋ᠬᠡ
ᠳᠠᠭᠤᠴᠢᠨ᠄ ᠴᠢᠯᠠᠭᠤ
ᠮᠡᠷᠭᠡᠯ ᠭᠣᠣᠯ᠂ ᠮᠡᠷᠭᠡᠯ ᠭᠣᠣᠯ
ᠪᠠᠶᠠᠨ ᠪᠠᠷᠭᠤ ᠶ᠋ᠢᠨ ᠨᠣᠮᠢᠨ ᠲᠠᠯ᠎ᠠ ᠪᠠᠷ
ᠪᠠᠭᠠᠲᠤᠷ ᠮᠠᠯᠴᠢᠳ ᠤ᠋ᠨ ᠣᠮᠣᠭ ᠪᠣᠯᠤᠨ ᠤᠷᠤᠰᠤᠨ᠎ᠠ
ᠪᠠᠬᠠᠷᠬᠤ ᠢᠷᠡᠭᠡᠳᠦᠢ ᠪᠠᠳᠮᠠᠷᠠᠬᠤ ᠴᠡᠴᠡᠭ ᠳᠡᠯᠭᠡᠷᠡᠬᠦ ᠳ᠋ᠦ᠍
ᠤᠮᠳᠠ ᠪᠣᠯᠤᠭᠰᠠᠨ ᠮᠡᠷᠭᠡᠯ ᠮᠢᠨᠢ
ᠤᠮᠠᠷᠠᠲᠤ ᠬᠢᠯᠢ ᠶ᠋ᠢᠨ ᠣᠳᠣᠬᠢᠴᠢᠯᠠᠯᠲᠠ ᠳ᠋ᠤ᠌
ᠬᠦᠴᠦ ᠪᠡᠨ ᠡᠷᠭᠦᠭᠰᠡᠨ ᠮᠡᠷᠭᠡᠯ ᠮᠢᠨᠢ
ᠮᠡᠷᠭᠡᠯ ᠭᠣᠣᠯ᠂ ᠮᠡᠷᠭᠡᠯ ᠭᠣᠣᠯ
ᠪᠠᠶᠠᠨ ᠪᠠᠷᠭᠤ ᠶ᠋ᠢᠨ ᠨᠣᠮᠢᠨ ᠲᠠᠯ᠎ᠠ ᠪᠠᠷ
ᠪᠠᠭᠠᠲᠤᠷ ᠮᠠᠯᠴᠢᠳ ᠤ᠋ᠨ ᠣᠮᠣᠭ ᠪᠣᠯᠤᠨ ᠤᠷᠤᠰᠤᠨ᠎ᠠ
ᠪᠤᠮᠠᠨ ᠰᠦᠷᠦᠭ ᠦ᠋ᠨ ᠲᠠᠷᠭᠤ ᠰᠢᠮ᠎ᠡ ᠶ᠋ᠢ ᠪᠠᠲᠤᠯᠠᠬᠤ ᠳ᠋ᠤ᠌
ᠷᠠᠰᠢᠶᠠᠨ ᠪᠣᠯᠤᠭᠰᠠᠨ ᠮᠡᠷᠭᠡᠯ ᠮᠢᠨᠢ
ᠥᠯᠥᠭᠡᠢ ᠨᠤᠲᠤᠭ ᠤ᠋ᠨ ᠮᠢᠨᠢ ᠴᠢᠮᠡᠭ ᠪᠣᠯᠤᠭᠰᠠᠨ
ᠦᠵᠡᠰᠬᠦᠯᠡᠩᠲᠦ ᠰᠠᠢᠬᠠᠨ ᠮᠡᠷᠭᠡᠯ ᠮᠢᠨᠢ
ᠦᠰᠦᠭ ᠠᠮᠢᠯᠠᠭᠤᠯᠤᠨ ᠬᠠᠲᠠᠭᠰᠠᠨ ᠨᠢ᠄ ᠢᠳᠰᠢᠨ
ᠬᠢᠨᠠᠭᠴᠢ ᠪᠠᠭᠰᠢ᠄ ᠪᠤᠤ ᠰᠠᠷᠠᠨ᠎ᠠ
