ᠨᠠᠨᠳᠢᠨ ᠬᠠᠢᠷ᠎ᠠ Нандин хайрNandin Hair - ZORIGOO ft ARTEZ ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠨᠳᠢᠨ ᠬᠠᠢᠷ᠎ᠠ Нандин хайрNandin Hair - ZORIGOO ft ARTEZ

ᠨᠠᠨᠳᠢᠨ ᠬᠠᠢᠷ᠎ᠠ Нандин хайрNandin Hair - ZORIGOO ft ARTEZ

ᠠᠩᠭᠢᠯᠠᠯ:ᠳᠠᠭᠤᠤ ᠬᠥᠭᠵᠢᠮ
2025-01-24

582

ᠨᠠᠨᠳᠢᠨ ᠬᠠᠢᠷ᠎ᠠ

  ᠦᠭᠡ᠄ ᠠᠮᠤᠭᠤᠯᠠᠩ  
  ᠳᠠᠭᠤᠴᠢᠨ᠄ ᠠᠮᠤᠭᠤᠯᠠᠩ 

ᠬᠠᠢᠷ᠎ᠠ ᠶ᠋ᠢᠨ ᠳᠠᠭᠤᠤ ᠪᠠᠨ ᠵᠡᠭᠦᠳᠦᠨ ᠳ᠋ᠦ᠍ ᠴᠢᠨᠢ ᠳᠠᠭᠤᠯᠠᠶ᠎ᠠ 
ᠬᠣᠯᠠ ᠶ᠋ᠢᠨ ᠣᠳᠣᠳ ᠠ᠋ᠴᠠ ᠴᠢᠮ᠎ᠠ ᠶ᠋ᠢ ᠭᠡᠢᠭᠦᠯᠦᠶ᠎ᠡ 
ᠬᠡᠵᠢᠶ᠎ᠡ ᠴᠦ᠍ ᠬᠤᠪᠢᠷᠠᠰᠢ ᠦᠭᠡᠢ ᠡᠨᠡᠬᠡᠨ ᠬᠠᠢᠷ᠎ᠠ ᠪᠠᠷ ᠢ᠋ᠶ᠋ᠠᠨ 
ᠬᠣᠶᠠᠷ ᠪᠠᠶᠠᠨ ᠢ᠋ᠶ᠋ᠠᠨ ᠬᠠᠢᠷᠠᠯᠠᠨ ᠵᠢᠷᠭᠠᠶ᠎ᠠ ᠳᠠ 

ᠬᠠᠢᠷ᠎ᠠ ᠶ᠋ᠢᠨ ᠳᠠᠭᠤᠤ ᠪᠠᠨ ᠵᠡᠭᠦᠳᠦᠨ ᠳ᠋ᠦ᠍ ᠴᠢᠨᠢ ᠳᠠᠭᠤᠯᠠᠶ᠎ᠠ 
ᠬᠣᠯᠠ ᠶ᠋ᠢᠨ ᠣᠳᠣᠳ ᠠ᠋ᠴᠠ ᠴᠢᠮ᠎ᠠ ᠶ᠋ᠢ ᠭᠡᠢᠭᠦᠯᠦᠶ᠎ᠡ 
ᠬᠡᠵᠢᠶ᠎ᠡ ᠴᠦ᠍ ᠬᠤᠪᠢᠷᠠᠰᠢ ᠦᠭᠡᠢ ᠡᠨᠡᠬᠡᠨ ᠬᠠᠢᠷ᠎ᠠ ᠪᠠᠷ ᠢ᠋ᠶ᠋ᠠᠨ 
ᠬᠣᠶᠠᠷ ᠪᠠᠶᠠᠨ ᠢ᠋ᠶ᠋ᠠᠨ ᠬᠠᠢᠷᠠᠯᠠᠨ ᠵᠢᠷᠭᠠᠶ᠎ᠠ ᠳᠠ
ᠭᠡᠷ ᠢ᠋ ᠮᠢᠨᠢ ᠭᠡᠢᠭᠦᠯᠬᠦ ᠭᠡᠷᠡᠯ ᠢ᠋ ᠮᠢᠨᠢ ᠪᠣᠯᠤᠭ ᠭᠡᠳ 
ᠪᠣᠭᠴᠣ ᠳᠦᠭᠦᠷᠡᠩ ᠬᠠᠢᠷ᠎ᠠ ᠪᠠᠨ ᠭᠠᠭᠴᠠᠬᠠᠨ ᠴᠢᠮ᠎ᠠ ᠪᠠᠷ ᠰᠣᠯᠢᠬᠤ ᠭᠡᠳ
ᠢᠳᠠᠮ ᠬᠤᠷᠤᠭᠤᠨ ᠳ᠋ᠤᠨᠢ ᠪᠥᠭᠡᠵᠢ ᠵᠡᠭᠦᠵᠦ ᠵᠢᠷᠦᠬᠡ ᠲᠡᠢ ᠴᠢᠨᠢ ᠶᠠᠷᠢᠬᠤ ᠭᠡᠳ
ᠭᠢᠲ᠋ᠠᠷ ᠡᠭᠦᠷᠦᠭᠰᠡᠨ ᠳᠠᠭᠤᠴᠢᠨ ᠵᠠᠯᠠᠭᠤ ᠭᠡᠷ ᠦ᠋ᠨ ᠴᠢᠨᠢ ᠵᠦᠭ ᠠᠯᠬᠤᠵᠤ ᠪᠠᠢᠨ᠎ᠠ
ᠶᠠᠭᠠᠬᠢᠭᠠᠳ ᠭᠡᠳᠡᠭ ᠢ᠋ ᠮᠡᠳᠡᠳᠡᠭ ᠦᠭᠡᠢ ᠨᠡᠮᠡᠬᠦ ᠬᠠᠰᠤᠬᠤ ᠲᠤᠢᠯ

ᠴᠢ ᠤᠬᠢᠯᠠᠵᠤ ᠪᠣᠯᠤᠨ᠎ᠠ
ᠭᠡᠬᠦ ᠳ᠋ᠡᠭᠡᠨ ᠵᠥᠪᠬᠡᠨ ᠮᠢᠨᠦ ᠡᠩᠭᠡᠷ ᠲᠦ᠍ ᠤᠬᠢᠯᠠ
ᠵᠢᠷᠭᠠᠯᠲᠠᠢ ᠪᠠᠢᠪᠠᠯ ᠪᠣᠯ ᠠ᠋ ᠡᠨᠡ ᠮᠢᠨᠦ ᠮᠡᠳᠡᠬᠦ ᠦᠭᠡᠢ ᠬᠠᠤᠯᠢ
ᠵᠢᠪᠠᠷ ᠲᠠᠢ ᠠᠯᠠᠭ ᠨᠢᠳᠦ ᠪᠡᠷ ᠢ᠋ᠶ᠋ᠡᠨ
ᠵᠢᠷᠭᠠᠯ ᠦᠯᠡᠳᠡᠭᠡᠵᠦ ᠭᠤᠨᠢᠭ ᠰᠤᠭᠤᠯ
ᠪᠢ ᠳᠤᠷᠠᠯᠠᠯ ᠳ᠋ᠠᠭᠠᠨ ᠠᠪᠲᠠᠵᠤ ᠴᠢᠨᠦ ᠵᠡᠭᠦᠳᠦᠨ ᠳ᠋ᠦ᠍ ᠴᠢᠨᠢ ᠳᠠᠭᠤᠯᠠᠵᠤ ᠥᠭᠭᠦᠶ᠎ᠡ
ᠲᠠᠭ ᠳᠤᠭᠤᠢ ᠵᠣᠭᠰᠣᠵᠤ ᠵᠥᠪᠬᠡᠨ ᠴᠢᠨᠦ ᠡᠮᠦᠨ᠎ᠡ ᠪᠠᠭᠤᠵᠤ ᠥᠭᠭᠦᠶ᠎ᠡ
ᠬᠠᠨᠴᠤᠢ ᠳ᠋ᠠᠭᠠᠨ ᠬᠠᠢᠷ᠎ᠠ ᠪᠠᠨ ᠨᠢᠭᠤᠭᠠᠳ
ᠪᠤᠰᠤᠳ ᠬᠥᠮᠦᠨ ᠡᠴᠡ ᠨᠢᠭᠤᠵᠤ ᠥᠭᠭᠦᠶ᠎ᠡ
ᠭᠤᠨᠢᠭᠯᠠᠵᠤ ᠪᠣᠯᠬᠤ ᠦᠭᠡᠢ ᠰᠢᠦ ᠵᠢᠷᠭᠠᠯ ᠳᠠᠭᠤᠳᠠᠵᠤ ᠳᠠᠭᠤᠯᠠᠵᠤ ᠥᠭᠭᠦᠶ᠎ᠡ
ᠲᠤᠯᠭᠠᠨ ᠳ᠋ᠠᠭᠠᠨ ᠭᠠᠯ ᠢ᠋ᠶ᠋ᠠᠨ ᠠᠰᠠᠭᠠᠵᠤ
ᠲᠣᠭᠣᠨᠣᠨ ᠳ᠋ᠠᠭᠠᠨ ᠪᠢᠳᠡ ᠬᠠᠳᠠᠭ ᠡᠯᠭᠦᠨ᠎ᠡ

ᠠᠷᠭ᠎ᠠ ᠪᠢᠯᠢᠭ ᠡᠪᠯᠡᠳᠡᠭ ᠰᠢᠭ ᠬᠠᠮᠲᠤ ᠡᠬᠢᠯᠡᠵᠦ ᠬᠠᠮᠲᠤ ᠲᠡᠭᠦᠰᠦᠨ᠎ᠡ
ᠲᠡᠭᠦᠰᠬᠡᠯ ᠳ᠋ᠦ᠍ ᠨᠢ ᠪᠦᠯᠢᠶᠡᠨ ᠵᠢᠷᠦᠬᠡ ᠵᠣᠭᠰᠣᠵᠤ
ᠰᠡᠳᠬᠢᠯ ᠳ᠋ᠦ᠍ ᠭᠤᠨᠢᠭ ᠲᠥᠷᠥᠨ᠎ᠡ
ᠬᠠᠮᠲᠤ ᠳ᠋ᠤ᠌ ᠪᠠᠨ ᠪᠠᠢᠭᠰᠠᠨ ᠨᠢ ᠦᠨᠡᠨ ᠤᠴᠢᠷ ᠵᠢᠷᠭᠠᠯ ᠨᠢᠳᠦᠨ ᠳ᠋ᠦ᠍ ᠬᠤᠷᠠᠨ᠎ᠠ

ᠬᠠᠢᠷ᠎ᠠ ᠶ᠋ᠢᠨ ᠳᠠᠭᠤᠤ ᠪᠠᠨ ᠵᠡᠭᠦᠳᠦᠨ ᠳ᠋ᠦ᠍ ᠴᠢᠨᠢ ᠳᠠᠭᠤᠯᠠᠶ᠎ᠠ
ᠬᠣᠯᠠ ᠶ᠋ᠢᠨ ᠣᠳᠣᠳ ᠠ᠋ᠴᠠ ᠴᠢᠮ᠎ᠠ ᠶ᠋ᠢ ᠭᠡᠢᠭᠦᠯᠦᠶ᠎ᠡ
ᠬᠡᠵᠢᠶ᠎ᠡ ᠴᠦ᠍ ᠬᠤᠪᠢᠷᠠᠰᠢ ᠦᠭᠡᠢ ᠡᠨᠡᠬᠡᠨ ᠬᠠᠢᠷ᠎ᠠ ᠪᠠᠷ ᠢ᠋ᠶ᠋ᠠᠨ
ᠬᠣᠶᠠᠷ ᠪᠠᠶᠠᠨ ᠢ᠋ᠶ᠋ᠠᠨ ᠬᠠᠢᠷᠠᠯᠠᠨ ᠵᠢᠷᠭᠠᠶ᠎ᠠ ᠳᠠ
ᠬᠠᠢᠷ᠎ᠠ ᠶ᠋ᠢᠨ ᠳᠠᠭᠤᠤ ᠪᠠᠨ ᠵᠡᠭᠦᠳᠦᠨ ᠳ᠋ᠦ᠍ ᠴᠢᠨᠢ ᠳᠠᠭᠤᠯᠠᠶ᠎ᠠ
ᠬᠣᠯᠠ ᠶ᠋ᠢᠨ ᠣᠳᠣᠳ ᠠ᠋ᠴᠠ ᠴᠢᠮ᠎ᠠ ᠶ᠋ᠢ ᠭᠡᠢᠭᠦᠯᠦᠶ᠎ᠡ
ᠬᠡᠵᠢᠶ᠎ᠡ ᠴᠦ᠍ ᠬᠤᠪᠢᠷᠠᠰᠢ ᠦᠭᠡᠢ ᠡᠨᠡᠬᠡᠨ ᠬᠠᠢᠷ᠎ᠠ ᠪᠠᠷ ᠢ᠋ᠶ᠋ᠠᠨ
ᠬᠣᠶᠠᠷ ᠪᠠᠶᠠᠨ ᠢ᠋ᠶ᠋ᠠᠨ ᠬᠠᠢᠷᠠᠯᠠᠨ ᠵᠢᠷᠭᠠᠶ᠎ᠠ ᠳᠠ

ᠴᠢᠨᠦ ᠥᠭᠭᠦᠭᠰᠡᠨ ᠠᠮᠠᠯᠠᠯᠲᠠ ᠡᠭᠦᠷᠢᠳᠡ ᠶ᠋ᠢᠨ ᠦᠨᠡᠨ
ᠴᠢ ᠨᠠᠳᠠ ᠳ᠋ᠤ᠌ ᠬᠡᠷᠡᠭ ᠲᠡᠢ ᠪᠠᠢᠨ᠎ᠠ
ᠨᠠᠮ᠎ᠠ ᠶ᠋ᠢ ᠬᠠᠢᠷᠠᠯᠠᠬᠤ ᠨᠢᠳᠦ ᠴᠢᠨᠢ ᠳᠡᠩᠳᠡᠭᠦᠦ ᠦᠨᠡᠨ
ᠴᠣᠷ ᠤ᠋ᠨ ᠭᠠᠭᠴᠠ ᠮᠢᠨᠦ ᠡᠮᠡᠭᠲᠡᠢ ᠪᠠᠢ
ᠥᠭᠡᠷ᠎ᠡ ᠬᠡᠨ ᠢ᠋ ᠴᠦ᠍ ᠬᠠᠢᠷᠠᠯᠠᠬᠤ ᠦᠭᠡᠢ ᠨᠢ ᠦᠨᠡᠨ
ᠴᠢᠮ᠎ᠠ ᠠ᠋ᠴᠠ ᠪᠤᠰᠤᠳ ᠢ᠋ ᠨᠢ ᠬᠠᠢᠷᠠᠯᠠᠬᠤ ᠦᠭᠡᠢ
ᠭᠠᠭᠴᠠᠬᠠᠨ ᠴᠢᠮ᠎ᠠ ᠶ᠋ᠢ ᠬᠠᠢᠷᠠᠯᠠᠬᠤ ᠨᠢ ᠮᠥᠩᠬᠡ ᠶ᠋ᠢᠨ ᠦᠨᠡᠨ
ᠭᠠᠭᠴᠠᠬᠠᠨ ᠮᠢᠨᠦ ᠳᠡᠷᠭᠡᠳᠡ ᠪᠠᠢᠪᠠᠯ ᠪᠦᠬᠦ ᠶᠠᠭᠤᠮ᠎ᠠ ᠪᠣᠯᠴᠢᠬᠠᠬᠤ ᠶᠤᠮ ᠰᠢᠭ᠋

ᠰᠢᠪᠠᠭᠤᠳ ᠤ᠋ᠨ ᠵᠢᠷᠭᠢᠬᠦ ᠴᠢᠮᠡᠭᠡ ᠲᠡᠢ ᠨᠠᠳᠠ ᠠ᠋ᠴᠠ ᠴᠢ ᠶᠠᠪᠤᠴᠢᠬᠠᠬᠤ ᠶᠤᠮ ᠰᠢᠭ᠋
ᠰᠢᠨᠤᠯᠲᠠᠢ ᠬᠠᠢᠷ᠎ᠠ ᠶ᠋ᠢᠨ ᠬᠠᠷᠠᠴᠠᠨ ᠳ᠋ᠤ᠌ ᠴᠢᠨᠢ ᠮᠠᠩᠰᠢᠭᠤᠷᠠᠨ ᠰᠣᠭᠲᠣᠵᠤ ᠪᠠᠢᠨ᠎ᠠ
ᠮᠢᠩᠭᠠᠨ ᠥᠬᠢᠳ ᠦ᠋ᠨ ᠳᠤᠮᠳᠠ ᠠ᠋ᠴᠠ ᠮᠢᠨᠦ ᠵᠢᠷᠦᠬᠡᠨ ᠳᠡᠭᠡᠷ᠎ᠡ ᠴᠢ ᠲᠣᠭᠲᠠᠵᠤ ᠪᠠᠢᠨ᠎ᠠ
ᠭᠠᠷ ᠢ᠋ ᠴᠢᠨᠢ ᠴᠢᠩᠭ᠎ᠠ ᠠᠳᠬᠤᠭᠠᠳ ᠮᠥᠷᠥ ᠶ᠋ᠢ ᠮᠢᠨᠢ ᠴᠢ ᠳᠡᠷᠡᠯᠡᠭᠡᠳ
ᠬᠠᠴᠠᠷ ᠢ᠋ ᠴᠢᠨᠢ ᠪᠢ ᠢᠯᠪᠢᠨ᠎ᠡ

ᠬᠠᠢᠷ᠎ᠠ ᠶ᠋ᠢᠨ ᠳᠠᠭᠤᠤ ᠪᠠᠨ ᠵᠡᠭᠦᠳᠦᠨ ᠳ᠋ᠦ᠍ ᠴᠢᠨᠢ ᠳᠠᠭᠤᠯᠠᠶ᠎ᠠ
ᠬᠣᠯᠠ ᠶ᠋ᠢᠨ ᠣᠳᠣᠳ ᠠ᠋ᠴᠠ ᠴᠢᠮ᠎ᠠ ᠶ᠋ᠢ ᠭᠡᠢᠭᠦᠯᠦᠶ᠎ᠡ
ᠬᠡᠵᠢᠶ᠎ᠡ ᠴᠦ᠍ ᠬᠤᠪᠢᠷᠠᠰᠢ ᠦᠭᠡᠢ ᠡᠨᠡᠬᠡᠨ ᠬᠠᠢᠷ᠎ᠠ ᠪᠠᠷ ᠢ᠋ᠶ᠋ᠠᠨ
ᠬᠣᠶᠠᠷ ᠪᠠᠶᠠᠨ ᠢ᠋ᠶ᠋ᠠᠨ ᠬᠠᠢᠷᠠᠯᠠᠨ ᠵᠢᠷᠭᠠᠶ᠎ᠠ ᠳᠠ
ᠬᠠᠢᠷ᠎ᠠ ᠶ᠋ᠢᠨ ᠳᠠᠭᠤᠤ ᠪᠠᠨ ᠵᠡᠭᠦᠳᠦᠨ ᠳ᠋ᠦ᠍ ᠴᠢᠨᠢ ᠳᠠᠭᠤᠯᠠᠶ᠎ᠠ
ᠬᠣᠯᠠ ᠶ᠋ᠢᠨ ᠣᠳᠣᠳ ᠠ᠋ᠴᠠ ᠴᠢᠮ᠎ᠠ ᠶ᠋ᠢ ᠭᠡᠢᠭᠦᠯᠦᠶ᠎ᠡ
ᠬᠡᠵᠢᠶ᠎ᠡ ᠴᠦ᠍ ᠬᠤᠪᠢᠷᠠᠰᠢ ᠦᠭᠡᠢ ᠡᠨᠡᠬᠡᠨ ᠬᠠᠢᠷ᠎ᠠ ᠪᠠᠷ ᠢ᠋ᠶ᠋ᠠᠨ
ᠬᠣᠶᠠᠷ ᠪᠠᠶᠠᠨ ᠢ᠋ᠶ᠋ᠠᠨ ᠬᠠᠢᠷᠠᠯᠠᠨ ᠵᠢᠷᠭᠠᠶ᠎ᠠ ᠳᠠ

ᠦᠰᠦᠭ ᠠᠮᠢᠯᠠᠭᠤᠯᠤᠭᠴᠢ᠄ ᠪᠠᠢ ᠰᠠᠷᠠᠨ᠎ᠠ
ᠬᠢᠨᠠᠭᠴᠢ᠄ ᠪᠦᠷᠢᠨ᠎ᠡ