ᠳᠥᠷᠪᠡᠨ ᠴᠠᠭ ᠊ᠤᠨ ᠴᠢᠮᠡᠭ -ᠮᠠᠨᠳᠤᠬᠤ ᠪᠠᠭᠰᠢ ᠶ᠋ᠢᠨ ᠤᠷᠠᠨ ᠪᠢᠴᠢᠯᠭᠡ
ᠳᠥᠷᠪᠡᠨ ᠴᠠᠭ ᠊ᠤᠨ ᠴᠢᠮᠡᠭ
ᠦᠭᠡ᠄ ᠨᠠᠰᠤᠨ
ᠠᠶ᠎ᠠ᠄ ᠠ᠊᠂ ᠥᠷᠭᠡᠨ᠂ ᠪᠠ᠊ ᠨᠠᠷᠠᠰᠤ
ᠮᠥᠩᠬᠡ ᠲᠩᠷᠢ ᠮᠥᠷᠦᠨ ᠳ᠋ᠦ᠍ᠨᠢ ᠰᠠᠭᠠᠳᠠᠳᠠᠭ
ᠮᠥᠷᠥᠭᠡᠳᠦᠯ ᠦ᠋ᠨ ᠰᠠᠷᠠᠨ ᠣᠷᠭᠢᠯ ᠳ᠋ᠤᠨᠢ ᠥᠨᠵᠢᠳᠡᠭ
ᠮᠥᠰᠥᠨ ᠭᠢᠯᠠᠯᠵᠠᠬᠤ ᠡᠪᠦᠯ ᠦ᠋ᠨ ᠴᠢᠮᠡᠭ
ᠮᠥᠩᠭᠥᠨ ᠡᠷᠳᠡᠨᠢ ᠶ᠋ᠢᠨ ᠬᠠᠢᠷᠬᠠᠳ ᠮᠢᠨᠢ ᠠ᠋᠃
ᠬᠠᠳᠠᠨ ᠤ᠋ ᠴᠠᠰᠤ ᠨᠢ ᠬᠠᠢᠯᠤᠭᠠᠳ ᠪᠦᠪᠡᠢᠯᠡᠳᠡᠭ
ᠬᠠᠵᠠᠭᠤ ᠶ᠋ᠢᠨ ᠢᠷᠭᠤᠢ ᠨᠢ ᠳᠡᠯᠭᠡᠷᠡᠭᠡᠳ ᠮᠦᠰᠢᠶᠡᠳᠡᠭ
ᠬᠠᠩᠭᠠᠢ ᠨᠢᠯᠬᠠᠷᠠᠬᠤ ᠬᠠᠪᠤᠷ ᠤ᠋ᠨ ᠴᠢᠮᠡᠭ
ᠬᠠᠰ ᠡᠷᠳᠡᠨᠢ ᠶ᠋ᠢᠨ ᠬᠠᠢᠷᠠᠬᠤᠨ ᠮᠢᠨᠢ ᠠ᠋᠃
ᠬᠤᠷᠮᠤᠰᠲᠠ ᠶ᠋ᠢᠨ ᠨᠠᠷᠠᠨ ᠵᠤᠯᠠᠢ ᠶ᠋ᠢ ᠨᠢ ᠳᠠᠭᠠᠯᠠᠳᠠᠭ
ᠬᠤᠷ᠎ᠠ ᠶ᠋ᠢᠨ ᠡᠭᠦᠯᠡᠰ ᠵᠣ ᠳ᠋ᠤᠨᠢ ᠢᠪᠢᠯᠳᠡᠭ
ᠣᠷᠴᠢᠯᠠᠩ ᠭᠤᠶᠤᠬᠤ ᠵᠤᠨ ᠤ᠋ ᠴᠢᠮᠡᠭ
ᠣᠭ᠌ᠶᠤ ᠡᠷᠳᠡᠨᠢ ᠶ᠋ᠢᠨ ᠬᠠᠢᠷᠠᠬᠤᠨ ᠮᠢᠨᠢ ᠠ᠋᠃
ᠠᠮᠢᠲᠠᠨ ᠵᠢᠭᠦᠷᠲᠡᠨ ᠡᠪᠦᠷ ᠲᠤᠨᠢ ᠴᠡᠩᠭᠡᠳᠡᠭ
ᠠᠯᠢᠮ᠎ᠠ ᠵᠢᠮᠢᠰ ᠢ᠋ᠶ᠋ᠡᠨ ᠣᠢ ᠮᠣᠳᠣ ᠨᠢ ᠳᠡᠭᠡᠵᠢᠯᠡᠳᠡᠭ
ᠠᠢᠷᠠᠭ ᠬᠥᠭᠡᠰᠦᠷᠡᠬᠦ ᠨᠠᠮᠤᠷ ᠤ᠋ᠨ ᠴᠢᠮᠡᠭ
ᠠᠯᠲᠠᠨ ᠡᠷᠳᠡᠨᠢ ᠶ᠋ᠢᠨ ᠬᠠᠢᠷᠠᠬᠤᠨ ᠮᠢᠨᠢ ᠠ᠋᠃
ᠳᠥᠷᠪᠡᠨ ᠴᠠᠭ ᠤ᠋ᠨ ᠴᠢᠮᠡᠭ ᠪᠣᠯᠤᠭᠰᠠᠨ
ᠳᠥᠯᠭᠡᠬᠡᠨ ᠠᠮᠤᠭᠤᠯᠠᠩ ᠬᠠᠢᠷᠠᠬᠤᠨ ᠮᠢᠨᠢ ᠠ᠋
ᠮᠢᠩᠭ᠎ᠠ ᠮᠢᠩᠭᠠᠨ ᠤ᠋ ᠦᠵᠡᠮᠵᠢ ᠪᠣᠯᠤᠭᠰᠠᠨ
ᠮᠢᠨᠦ ᠨᠤᠲᠤᠭ ᠤ᠋ᠨ ᠬᠠᠢᠷᠠᠬᠤᠨ ᠮᠢᠨᠢ ᠠ᠋᠃
ᠪᠠᠷᠠᠯᠠᠨ ᠪᠠᠷᠠᠯᠠᠨ ᠬᠠᠷᠠᠵᠤ ᠪᠠᠬᠠᠳᠤᠨᠠᠮ ᠠ᠋
ᠪᠡᠶᠡᠰᠦᠨ ᠪᠡᠶᠡᠰᠦᠨ ᠰᠢᠯᠦᠭᠯᠡᠵᠦ ᠮᠠᠭᠲᠠᠨᠠᠮ ᠠ᠋
ᠪᠠᠢᠨ ᠪᠠᠢᠨ ᠰᠠᠨᠠᠵᠤ ᠳᠠᠭᠤᠯᠠᠨᠠᠮ ᠠ᠋
ᠪᠠᠢᠭᠠᠯᠢ ᠳᠡᠯᠡᠬᠡᠢ ᠪᠡᠨ ᠬᠠᠢᠷᠠᠯᠠᠵᠤ ᠶᠠᠪᠤᠨᠠᠮ ᠠ᠋
ᠪᠠᠢᠨ ᠪᠠᠢᠨ ᠰᠠᠨᠠᠵᠤ ᠳᠠᠭᠤᠯᠠᠨᠠᠮ ᠠ᠋
ᠪᠠᠢᠭᠠᠯᠢ ᠳᠡᠯᠡᠬᠡᠢ ᠪᠡᠨ ᠬᠠᠢᠷᠠᠯᠠᠵᠤ ᠶᠠᠪᠤᠨᠠᠮ ᠠ᠋᠃
ᠦᠰᠦᠭ ᠠᠮᠢᠯᠠᠭᠤᠯᠤᠭᠴᠢ᠄ ᠨᠠᠷᠠᠨᠲᠣᠭᠣᠰ
ᠬᠢᠨᠠᠭᠴᠢ᠄ ᠤᠤᠭᠠᠨᠵᠢᠳ
