ᠬᠠᠨᠠᠨ ᠰᠦᠯᠵᠢᠶ᠎ᠡ ᠨᠡᠬᠡᠭᠡᠰᠦ - ᠰᠡᠢᠯᠡᠭ᠍ᠮ᠎ᠠ ᠴᠢᠯᠠᠭᠤᠨᠴᠢᠮᠡᠭ Ханан сүлжээ нэхээс - Сийлэгмаа Чулуунчимэг hanan suljee nehees siilegmaa chuluunchimeg ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨᠠᠨ ᠰᠦᠯᠵᠢᠶ᠎ᠡ ᠨᠡᠬᠡᠭᠡᠰᠦ - ᠰᠡᠢᠯᠡᠭ᠍ᠮ᠎ᠠ ᠴᠢᠯᠠᠭᠤᠨᠴᠢᠮᠡᠭ Ханан сүлжээ нэхээс - Сийлэгмаа Чулуунчимэг hanan suljee nehees siilegmaa chuluunchimeg

ᠬᠠᠨᠠᠨ ᠰᠦᠯᠵᠢᠶ᠎ᠡ ᠨᠡᠬᠡᠭᠡᠰᠦ - ᠰᠡᠢᠯᠡᠭ᠍ᠮ᠎ᠠ ᠴᠢᠯᠠᠭᠤᠨᠴᠢᠮᠡᠭ Ханан сүлжээ нэхээс - Сийлэгмаа Чулуунчимэг hanan suljee nehees siilegmaa chuluunchimeg

ᠠᠩᠭᠢᠯᠠᠯ:ᠳᠠᠭᠤᠤ ᠬᠥᠭᠵᠢᠮ
2025-01-22

1233

ᠬᠠᠨᠠᠨ ᠰᠦᠯᠵᠢᠶ᠎ᠡ ᠨᠡᠬᠡᠭᠡᠰᠦ

   ᠦᠭᠡ᠄ ᠪ᠊᠂ ᠳᠣᠷᠵᠢᠫᠠᠭᠮ᠎ᠠ 
   ᠠᠶ᠎ᠠ᠄ ᠴ᠊᠂ ᠪᠠᠳᠢᠷᠴᠢ 
   — ᠪ᠊᠂ ᠰᠡᠢᠯᠦᠭᠮ᠎ᠠ᠂ ᠠ᠋᠂ ᠴᠢᠯᠠᠭᠤᠨᠴᠢᠮᠡᠭ ᠳᠠᠭᠤᠯᠠᠨ᠎ᠠ 
ᠴᠠᠭᠠᠨ ᠥᠩᠭᠡ ᠶ᠋ᠢᠨ ᠲᠣᠷᠭᠠᠨ ᠳ᠋ᠤ᠌ ᠪᠠᠨ 
ᠴᠠᠰᠤ ᠶ᠋ᠢ ᠪᠤᠲᠠᠷᠠᠭᠤᠯᠵᠤ ᠨᠡᠬᠡᠯ᠎ᠡ ᠳᠡ ᠬᠦ 
ᠴᠢᠮ᠎ᠠ ᠶ᠋ᠢ ᠨᠠᠮ᠎ᠠ ᠶ᠋ᠢ ᠲᠠᠨᠢᠯᠴᠠᠭᠤᠯᠤᠭᠰᠠᠨ 
ᠴᠢᠨᠳᠠᠭᠠᠨ ᠭᠤᠷᠪᠠᠨ ᠰᠠᠷ᠎ᠠ ᠲᠠᠢ 
ᠡᠪᠦᠯ ᠢ᠋ ᠪᠣᠳᠣᠵᠤ ᠨᠡᠬᠡᠯ᠎ᠡ ᠳᠡ ᠬᠦ 
ᠵᠧ ᠬᠦ ᠡᠰᠬᠡᠵᠦ ᠰᠠᠭᠤᠬᠤ ᠳ᠋ᠤ᠌ ᠤᠶᠠᠩᠭ᠎ᠠ ᠲᠠᠢ 
ᠡᠮᠵᠢᠶᠡᠷᠢ ᠵᠣᠬᠢᠭᠠᠳ ᠤᠷᠭᠤᠨ᠎ᠠ ᠳᠠ ᠬᠦ 
ᠠᠢ ᠬᠦ ᠬᠠᠲᠤᠨ ᠭᠣᠶᠣᠯᠠᠯ ᠲᠣᠷᠭ᠎ᠠ ᠨᠢ ᠪᠣᠯ ᠳᠠ 
ᠬᠠᠨᠠᠨ ᠰᠦᠯᠵᠢᠶ᠎ᠡ ᠨᠡᠬᠡᠭᠡᠰᠦ ᠶᠦᠮ ᠳᠡ ᠬᠦ
ᠴᠡᠩᠬᠡᠷ ᠥᠩᠭᠡ ᠶ᠋ᠢᠨ ᠲᠣᠷᠭᠠᠨ ᠳ᠋ᠤ᠌ ᠪᠠᠨ
ᠴᠡᠴᠡᠭ ᠤᠷᠭᠤᠭᠤᠯᠵᠤ ᠨᠡᠬᠡᠯ᠎ᠡ ᠳᠡ ᠬᠦ
ᠴᠢᠮ᠎ᠠ ᠶ᠋ᠢ ᠨᠠᠮ᠎ᠠ ᠶ᠋ᠢ ᠡᠷᠬᠡᠯᠡᠭᠦᠯᠦᠭᠰᠡᠨ
ᠴᠢᠴᠠᠤ ᠭᠤᠷᠪᠠᠨ ᠰᠠᠷ᠎ᠠ ᠲᠠᠢ
ᠬᠠᠪᠤᠷ ᠢ᠋ ᠪᠣᠳᠣᠵᠤ ᠨᠡᠬᠡᠯ᠎ᠡ ᠳᠡ ᠬᠦ
ᠵᠧ ᠬᠦ ᠡᠰᠬᠡᠵᠦ ᠰᠠᠭᠤᠬᠤ ᠳ᠋ᠤ᠌ ᠤᠶᠠᠩᠭ᠎ᠠ ᠲᠠᠢ
ᠡᠮᠵᠢᠶᠡᠷᠢ ᠵᠣᠬᠢᠭᠠᠳ ᠤᠷᠭᠤᠨ᠎ᠠ ᠳᠠ ᠬᠦ
ᠠᠢ ᠬᠦ ᠬᠠᠲᠤᠨ ᠭᠣᠶᠣᠯᠠᠯ ᠲᠣᠷᠭ᠎ᠠ ᠨᠢ ᠪᠣᠯ ᠳᠠ
ᠬᠠᠨᠠᠨ ᠰᠦᠯᠵᠢᠶ᠎ᠡ ᠨᠡᠬᠡᠭᠡᠰᠦ ᠶᠦᠮ ᠳᠡ ᠬᠦ
ᠪᠣᠯᠣᠷ ᠤ᠋ᠨ ᠥᠩᠭᠡ ᠲᠡᠢ ᠲᠣᠷᠭᠠᠨ ᠳ᠋ᠤ᠌ ᠪᠠᠨ
ᠪᠣᠷᠣᠭ᠎ᠠ ᠲᠣᠰᠣᠯᠠᠭᠤᠯᠵᠤ ᠨᠡᠬᠡᠯ᠎ᠡ ᠳᠡ ᠬᠦ
ᠪᠣᠯᠵᠣᠭᠠᠨ ᠳ᠋ᠤ᠌ ᠨᠠᠮ᠎ᠠ ᠶ᠋ᠢ ᠶᠠᠭᠠᠷᠠᠭᠤᠯᠤᠭᠰᠠᠨ
ᠬᠣᠯᠪᠣᠭ᠎ᠠ ᠭᠤᠷᠪᠠᠨ ᠰᠠᠷ᠎ᠠ ᠲᠠᠢ
ᠵᠤᠨ ᠢ᠋ ᠪᠣᠳᠣᠵᠤ ᠨᠡᠬᠡᠯ᠎ᠡ ᠳᠡ ᠬᠦ
ᠵᠧ ᠬᠦ ᠡᠰᠬᠡᠵᠦ ᠰᠠᠭᠤᠬᠤ ᠳ᠋ᠤ᠌ ᠤᠶᠠᠩᠭ᠎ᠠ ᠲᠠᠢ
ᠡᠮᠵᠢᠶᠡᠷᠢ ᠵᠣᠬᠢᠭᠠᠳ ᠤᠷᠭᠤᠨ᠎ᠠ ᠳᠠ ᠬᠦ
ᠠᠢ ᠬᠦ ᠬᠠᠲᠤᠨ ᠭᠣᠶᠣᠯᠠᠯ ᠲᠣᠷᠭ᠎ᠠ ᠨᠢ ᠪᠣᠯ ᠳᠠ
ᠬᠠᠨᠠᠨ ᠰᠦᠯᠵᠢᠶ᠎ᠡ ᠨᠡᠬᠡᠭᠡᠰᠦ ᠶᠦᠮ ᠳᠡ ᠬᠦ
ᠨᠠᠷᠠᠨ ᠰᠢᠷᠭᠠᠯ ᠲᠣᠷᠭᠠᠨ ᠳ᠋ᠤ᠌ ᠪᠠᠨ
ᠨᠠᠪᠴᠢ ᠶ᠋ᠢ ᠤᠷᠭᠤᠭᠤᠯᠵᠤ ᠨᠡᠬᠡᠯ᠎ᠡ ᠳᠡ ᠬᠦ
ᠨᠠᠮ᠎ᠠ ᠶ᠋ᠢ ᠴᠢᠮ᠎ᠠ ᠶ᠋ᠢ ᠳᠤᠰᠬᠠᠭᠰᠠᠨ
ᠨᠠᠯᠠᠭᠠᠷ ᠭᠤᠷᠪᠠᠨ ᠰᠠᠷ᠎ᠠ ᠲᠠᠢ
ᠨᠠᠮᠤᠷ ᠢ᠋ ᠪᠣᠳᠣᠵᠤ ᠨᠡᠬᠡᠯ᠎ᠡ ᠳᠡ ᠬᠦ
ᠵᠧ ᠬᠦ ᠡᠰᠬᠡᠵᠦ ᠰᠠᠭᠤᠬᠤ ᠳ᠋ᠤ᠌ ᠤᠶᠠᠩᠭ᠎ᠠ ᠲᠠᠢ
ᠡᠮᠵᠢᠶᠡᠷᠢ ᠵᠣᠬᠢᠭᠠᠳ ᠤᠷᠭᠤᠨ᠎ᠠ ᠳᠠ ᠬᠦ
ᠠᠢ ᠬᠦ ᠬᠠᠲᠤᠨ ᠭᠣᠶᠣᠯᠠᠯ ᠲᠣᠷᠭ᠎ᠠ ᠨᠢ ᠪᠣᠯ ᠳᠠ
ᠬᠠᠨᠠᠨ ᠰᠦᠯᠵᠢᠶ᠎ᠡ ᠨᠡᠬᠡᠭᠡᠰᠦ ᠶᠦᠮ ᠳᠡ ᠬᠦ
ᠵᠧ ᠬᠦ ᠡᠰᠬᠡᠵᠦ ᠰᠠᠭᠤᠬᠤ ᠳ᠋ᠤ᠌ ᠤᠶᠠᠩᠭ᠎ᠠ ᠲᠠᠢ
ᠡᠮᠵᠢᠶᠡᠷᠢ ᠵᠣᠬᠢᠭᠠᠳ ᠤᠷᠭᠤᠨ᠎ᠠ ᠳᠠ ᠬᠦ
ᠠᠢ ᠬᠦ ᠬᠠᠲᠤᠨ ᠭᠣᠶᠣᠯᠠᠯ ᠲᠣᠷᠭ᠎ᠠ ᠨᠢ ᠪᠣᠯ ᠳᠠ
ᠬᠠᠨᠠᠨ ᠰᠦᠯᠵᠢᠶ᠎ᠡ ᠨᠡᠬᠡᠭᠡᠰᠦ ᠶᠦᠮ ᠳᠡ ᠬᠦ

   ᠦᠰᠦᠭ ᠬᠠᠲᠠᠵᠤ᠂ ᠠᠮᠢᠯᠠᠭᠤᠯᠤᠭᠰᠠᠨ ᠨᠢ ᠠᠯᠲᠠᠨᠴᠢᠮᠡᠭ
   ᠬᠢᠨᠠᠭᠴᠢ᠄ ᠪᠢᠮᠪᠠ