ᠮᠣᠩᠭᠣᠯ ᠡᠷ᠎ᠡ ᠬᠥᠮᠦᠨ -ᠮᠠᠨᠳᠤᠬᠤ ᠪᠠᠭᠰᠢ ᠶ᠋ᠢᠨ ᠤᠷᠠᠨ ᠪᠢᠴᠢᠯᠭᠡ
ᠮᠣᠩᠭᠣᠯ ᠡᠷ᠎ᠡ ᠬᠥᠮᠦᠨ
ᠦᠭᠡ ᠄ ᠳ· ᠽᠸᠩᠷᠠᠪᠳᠠᠨ
ᠠᠶ᠎ᠠ ᠄ ᠳ᠂ ᠡᠩᠬᠡᠲᠠᠢᠪᠤᠩ᠂ ᠷ᠂ ᠪᠠᠶᠠᠷᠰᠠᠢᠬᠠᠨ
ᠳᠠᠭᠤᠴᠢᠨ᠄ ᠳᠠᠪᠰᠢᠯᠳᠤ
ᠪᠢ ᠲᠤᠯᠭᠠᠨ ᠳ᠋ᠤ᠌ ᠴᠦᠢᠯᠡᠨ ᠳᠦᠷᠡᠯᠵᠡᠬᠦ
ᠬᠦᠴᠦᠲᠦ ᠳᠣᠭᠰᠢᠨ ᠭᠠᠯ ᠤ᠋ᠨ ᠳᠥᠯᠥ ᠠ᠋
ᠪᠢ ᠰᠢᠯᠦᠭ ᠲᠠᠷᠯᠠᠨ ᠰᠡᠭᠦᠷᠡᠰᠦ ᠠᠯᠳᠠᠬᠤ
ᠣᠮᠣᠭ ᠪᠠᠷᠳᠠᠮ ᠮᠣᠩᠭᠣᠯ ᠡᠷ᠎ᠡ ᠬᠥᠮᠦᠨ ᠳᠧ
ᠪᠢ ᠬᠠᠯᠬ᠎ᠠ ᠶ᠋ᠢᠨ ᠰᠠᠢᠬᠠᠨ ᠪᠦᠰᠡᠭᠦᠢ ᠶ᠋ᠢᠨ
ᠬᠠᠷᠠᠭ᠎ᠠ ᠶ᠋ᠢ ᠪᠤᠯᠢᠶᠠᠵᠤ ᠬᠠᠢᠷ᠎ᠠ ᠶ᠋ᠢ ᠲᠠᠲᠠᠭᠰᠠᠨ
ᠪᠢ ᠰᠡᠳᠬᠢᠯ ᠰᠡᠷᠭᠦᠭᠡᠨ ᠠᠢᠵᠠᠮ ᠤᠷᠤᠰᠬᠠᠵᠤ
ᠤᠶᠠᠷᠠᠨ ᠰᠠᠨᠠᠬᠤ ᠮᠣᠩᠭᠣᠯ ᠡᠷ᠎ᠡ ᠬᠥᠮᠦᠨ ᠳᠧ᠃
ᠪᠢ ᠨᠡᠷᠡᠲᠦ ᠳ᠋ᠦ᠍ ᠬᠣᠷᠭᠣᠳᠠᠨ ᠰᠢᠭᠤᠷᠠᠬᠤ
ᠭᠢᠯᠠᠮᠭᠠᠲᠤ ᠰᠢᠷᠦᠭᠦᠨ ᠰᠢᠭᠤᠷᠭᠠᠨ ᠤ᠋ ᠰᠢᠷᠬᠡᠭ
ᠪᠢ ᠳᠠᠭᠤᠤ ᠠᠶᠠᠯᠤᠨ ᠰᠡᠳᠬᠢᠯ ᠲᠠᠢᠳᠬᠤᠷᠠᠵᠤ
ᠰᠢᠷᠤᠩᠬᠠᠢ ᠬᠠᠲᠠᠭᠠᠬᠤ ᠮᠣᠩᠭᠣᠯ ᠡᠷ᠎ᠡ ᠬᠥᠮᠦᠨ ᠳᠧ
ᠪᠢ ᠰᠡᠳᠬᠢᠯ ᠦ᠋ᠨ ᠰᠠᠢᠬᠠᠨ ᠢ᠋ᠶ᠋ᠠᠷ ᠬᠠᠶᠠᠭ᠎ᠠ ᠲᠡᠯᠡᠵᠦ
ᠬᠠᠯᠠᠮᠵᠢ ᠪᠠᠨ ᠪᠦᠬᠦᠨ ᠳ᠋ᠦ᠍ ᠬᠠᠷᠠᠮ ᠦᠭᠡᠢ ᠬᠠᠢᠷᠠᠯᠠᠬᠤ
ᠪᠢ ᠬᠠᠯᠠᠭᠤᠨ ᠰᠡᠳᠬᠢᠯ ᠡᠨᠡᠬᠡᠨ ᠪᠡᠶ᠎ᠡ ᠪᠡᠨ
ᠪᠤᠰᠤᠳ ᠲᠤ᠌ ᠵᠣᠷᠢᠭᠤᠯᠬᠤ ᠮᠣᠩᠭᠣᠯ ᠡᠷ᠎ᠡ ᠬᠥᠮᠦᠨ ᠳᠧ᠃
ᠪᠢ ᠬᠡᠭᠡᠷ᠎ᠡ ᠶ᠋ᠢᠨ ᠰᠠᠯᠬᠢᠨ ᠳ᠋ᠤ᠌ ᠠᠷᠢᠭᠤᠰᠤᠭᠰᠠᠨ
ᠡᠩᠭᠡᠷ ᠦ᠋ᠨ ᠭᠠᠭᠴᠠᠬᠠᠨ ᠮᠣᠳᠣᠨ ᠤ᠋ ᠨᠠᠪᠴᠢ ᠠ᠋
ᠪᠢ ᠡᠩᠬᠦᠷᠡᠢ ᠨᠤᠲᠤᠭ ᠢ᠋ᠶ᠋ᠠᠨ ᠪᠤᠰᠤᠳ ᠠ᠋ᠴᠠ ᠬᠠᠷᠠᠮᠨᠠᠵᠤ
ᠳᠡᠭᠡᠭᠰᠢ ᠪᠡᠨ ᠣᠭᠰᠢᠬᠤ ᠮᠣᠩᠭᠣᠯ ᠡᠷ᠎ᠡ ᠬᠥᠮᠦᠨ ᠳᠧ
ᠪᠢ ᠠᠷᠭᠠᠯ ᠤ᠋ᠨ ᠤᠲᠤᠭ᠎ᠠ ᠦᠨᠦᠷᠯᠡᠵᠦ
ᠠᠩᠭᠢᠷ ᠤᠭᠤᠷᠠᠭ ᠢ᠋ᠶ᠋ᠠᠨ ᠵᠠᠯᠭᠢᠯᠠᠵᠤ ᠥᠰᠦᠭᠰᠡᠨ
ᠪᠢ ᠲᠩᠷᠢ ᠳ᠋ᠡᠭᠡᠨ ᠰᠦᠰᠦᠭᠯᠡᠨ ᠨᠠᠷᠠ ᠳ᠋ᠠᠭᠠᠨ ᠵᠠᠯᠪᠠᠷᠢᠳᠠᠭ
ᠬᠥᠬᠡ ᠲᠣᠯᠪᠣ ᠲᠠᠢ ᠮᠣᠩᠭᠣᠯ ᠡᠷ᠎ᠡ ᠬᠥᠮᠦᠨ ᠳᠧ᠃
ᠪᠢ ᠮᠣᠷᠢᠨ ᠳᠡᠯ ᠳᠡᠭᠡᠷ᠎ᠡ ᠳᠠᠷᠴᠣᠭᠯᠠᠨ
ᠮᠣᠩᠭᠣᠯ ᠢ᠋ᠶ᠋ᠠᠨ ᠭᠡᠳ ᠴᠡᠭᠡᠵᠢ ᠪᠡᠨ ᠳᠡᠯᠡᠳᠬᠦ
ᠪᠢ ᠮᠣᠷᠢᠲᠠᠨ ᠠᠷᠠᠳ ᠤ᠋ᠨ ᠤᠳᠤᠮ ᠵᠠᠯᠭᠠᠬᠤ
ᠤᠷᠭ᠎ᠠ ᠰᠤᠩᠭᠠᠬᠤ ᠮᠣᠩᠭᠣᠯ ᠡᠷ᠎ᠡ ᠬᠥᠮᠦᠨ ᠳᠧ
ᠤᠷᠭ᠎ᠠ ᠰᠤᠩᠭᠠᠬᠤ ᠮᠣᠩᠭᠣᠯ ᠡᠷ᠎ᠡ ᠬᠥᠮᠦᠨ ᠳᠧ᠃
ᠦᠰᠦᠭ ᠠᠮᠢᠯᠠᠭᠤᠯᠤᠭᠴᠢ᠄ ᠨᠠᠷᠠᠨᠲᠣᠭᠣᠰ
ᠬᠢᠨᠠᠭᠴᠢ᠄ ᠤᠤᠭᠠᠨᠵᠢᠳ
