ᠬᠤᠷᠤᠢ-ᠳᠠᠭᠤᠷᠢᠰᠤᠯ ᠬᠠᠮᠲᠤᠯᠢᠭХурай-Дуурсал Хамтлаг
ᠬᠤᠷᠤᠢ
ᠦᠭᠡ᠄ ᠯᠠᠩ ᠢᠦᠢ ᠱᠠᠨ
ᠠᠶ᠎ᠠ᠄ ᠪᠠᠯᠳᠠᠨ
ᠳᠠᠭᠤᠴᠢᠨ᠄ ᠳᠠᠭᠤᠷᠢᠰᠤᠯ ᠬᠠᠮᠲᠤᠯᠢᠭ
ᠠᠵᠢᠨᠠᠢ ᠬᠦᠯᠦᠭ ᠦ᠋ᠨ ᠲᠦᠪᠡᠷᠭᠡᠨ ᠮᠢᠨᠢ ᠬᠤᠷᠤᠢ ᠬᠤᠷᠤᠢ
ᠠᠲᠠᠷ ᠲᠠᠯ᠎ᠠ ᠶ᠋ᠢᠨ ᠴᠡᠴᠡᠭᠡᠰ ᠮᠢᠨᠢ ᠬᠤᠷᠤᠢ ᠬᠤᠷᠤᠢ
ᠠᠷᠠᠨᠵᠠᠯ ᠤᠯᠠᠭᠠᠨ ᠲᠦᠳᠡᠭ ᠭᠠᠯ ᠮᠢᠨᠢ ᠬᠤᠷᠤᠢ ᠬᠤᠷᠤᠢ
ᠠᠯᠲᠠᠨ ᠰᠠᠴᠤᠷᠠᠭᠲᠤ ᠨᠠᠷᠠᠨ ᠮᠢᠨᠢ ᠬᠤᠷᠤᠢ ᠬᠤᠷᠤᠢ
ᠨᠤᠲᠤᠭ ᠤ᠋ᠨ ᠰᠠᠬᠢᠭᠤᠰᠤ ᠠᠭᠤᠯᠠᠰ ᠮᠢᠨᠢ ᠬᠤᠷᠤᠢ ᠬᠤᠷᠤᠢ
ᠨᠤᠭᠤᠯᠤᠨ ᠳᠣᠯᠭᠢᠯᠠᠬᠤ ᠮᠥᠷᠡᠨ ᠮᠢᠨᠢ ᠬᠤᠷᠤᠢ ᠬᠤᠷᠤᠢ
ᠨᠣᠮᠯᠠᠨ ᠥᠪᠯᠡᠬᠦ ᠰᠣᠶᠣᠯ ᠮᠢᠨᠢ ᠬᠤᠷᠤᠢ ᠬᠤᠷᠤᠢ
ᠨᠣᠭᠣᠭᠠᠨ ᠳᠡᠯᠡᠬᠡᠢ ᠬᠥᠪᠴᠢ ᠪᠠᠢᠭᠠᠯᠢ ᠬᠤᠷᠤᠢ ᠬᠤᠷᠤᠢ
ᠳᠠᠯᠠᠯᠤᠩᠬᠠᠨ ᠬᠤᠷᠤᠢᠯᠠᠶ᠎ᠠ ᠲᠩᠷᠢᠯᠢᠭ ᠨᠤᠲᠤᠭ ᠢ᠋ᠶ᠋ᠠᠨ
ᠳᠠᠯᠠᠯᠤᠩᠬᠠᠨ ᠬᠤᠷᠤᠢᠯᠠᠶ᠎ᠠ ᠤᠨᠠᠭᠰᠠᠨ ᠰᠢᠷᠣᠢ ᠪᠠᠨ
ᠠᠭᠤᠯᠠ ᠤᠰᠤ ᠪᠠᠨ᠁
ᠡᠷᠬᠡᠰ ᠦ᠋ᠨ ᠴᠡᠩᠬᠡᠷ ᠲᠩᠷᠢ ᠮᠢᠨᠢ ᠬᠤᠷᠤᠢ ᠬᠤᠷᠤᠢ
ᠡᠬᠡᠰᠢᠭ ᠢᠷᠠᠭᠤ ᠬᠤᠭᠤᠷ ᠮᠢᠨᠢ ᠬᠤᠷᠤᠢ ᠬᠤᠷᠤᠢ
ᠠᠶᠠᠯᠭᠤ ᠰᠢᠷᠤᠩᠬᠠᠢ ᠤᠷᠲᠤ ᠶ᠋ᠢᠨ ᠳᠠᠭᠤᠤ ᠮᠢᠨᠢ ᠬᠤᠷᠤᠢ ᠬᠤᠷᠤᠢ
ᠠᠰᠤᠷᠤ ᠲᠡᠨᠢᠭᠦᠨ ᠮᠣᠩᠭᠣᠯ ᠮᠢᠨᠢ ᠬᠤᠷᠤᠢ ᠬᠤᠷᠤᠢ
ᠤᠬᠠᠭᠠᠨ ᠤ᠋ ᠲᠩᠷᠢ ᠳᠡᠭᠡᠳᠦᠰ ᠮᠢᠨᠢ ᠬᠤᠷᠤᠢ ᠬᠤᠷᠤᠢ
ᠤᠳᠤᠮ ᠤ᠋ᠨ ᠠᠷᠢᠭᠤᠨ ᠭᠣᠯᠣᠮᠲᠠ ᠮᠢᠨᠢ ᠬᠤᠷᠤᠢ ᠬᠤᠷᠤᠢ
ᠤᠯᠠᠮᠵᠢᠯᠠᠨ ᠥᠪᠯᠡᠬᠦ ᠰᠣᠶᠣᠯ ᠮᠢᠨᠢ ᠬᠤᠷᠤᠢ ᠬᠤᠷᠤᠢ
ᠠᠭᠤᠳᠠᠮ ᠳᠡᠯᠡᠬᠡᠢ ᠤᠷᠠᠨ ᠪᠠᠢᠭᠠᠯᠢ ᠬᠤᠷᠤᠢ ᠬᠤᠷᠤᠢ
ᠳᠠᠯᠠᠯᠤᠩᠬᠠᠨ ᠬᠤᠷᠤᠢᠯᠠᠶ᠎ᠠ ᠳᠡᠯᠭᠡᠷ ᠮᠣᠩᠭᠣᠯ ᠢ᠋ᠶ᠋ᠠᠨ
ᠳᠠᠯᠠᠯᠤᠩᠬᠠᠨ ᠬᠤᠷᠤᠢᠯᠠᠶ᠎ᠠ ᠤᠨᠠᠭᠰᠠᠨ ᠰᠢᠷᠣᠢ ᠪᠠᠨ
ᠠᠭᠤᠯᠠ ᠤᠰᠤ ᠪᠠᠨ᠁
ᠳᠠᠯᠠᠯᠤᠩᠬᠠᠨ ᠬᠤᠷᠤᠢᠯᠠᠶ᠎ᠠ ᠲᠩᠷᠢᠯᠢᠭ ᠨᠤᠲᠤᠭ ᠢ᠋ᠶ᠋ᠠᠨ
ᠳᠠᠯᠠᠯᠤᠩᠬᠠᠨ ᠬᠤᠷᠤᠢᠯᠠᠶ᠎ᠠ ᠤᠨᠠᠭᠰᠠᠨ ᠰᠢᠷᠣᠢ ᠪᠠᠨ
ᠠᠭᠤᠯᠠ ᠤᠰᠤ ᠪᠠᠨ᠁
ᠤᠬᠠᠭᠠᠨ ᠤ᠋ ᠲᠩᠷᠢ ᠳᠡᠭᠡᠳᠦᠰ ᠬᠤᠷᠤᠢ
ᠤᠳᠤᠮ ᠤ᠋ᠨ ᠠᠷᠢᠭᠤᠨ ᠭᠣᠯᠣᠮᠲᠠ ᠬᠤᠷᠤᠢ
ᠤᠯᠠᠮᠵᠢᠯᠠᠨ ᠥᠪᠯᠡᠬᠦ ᠰᠣᠶᠣᠯ ᠬᠤᠷᠤᠢ
ᠠᠭᠤᠳᠠᠮ ᠳᠡᠯᠡᠬᠡᠢ ᠪᠠᠢᠭᠠᠯᠢ ᠬᠤᠷᠤᠢ
ᠡᠷᠬᠡᠰ ᠦ᠋ᠨ ᠴᠡᠩᠬᠡᠷ ᠲᠩᠷᠢ ᠬᠤᠷᠤᠢ
ᠡᠬᠡᠰᠢᠭ ᠢᠷᠠᠭᠤ ᠬᠤᠭᠤᠷ ᠬᠤᠷᠤᠢ
ᠠᠷᠠᠨᠵᠠᠯ ᠤᠯᠠᠭᠠᠨ ᠲᠦᠳᠡᠭ ᠬᠤᠷᠤᠢ
ᠠᠯᠲᠠᠨ ᠰᠠᠴᠤᠷᠠᠭᠲᠤ ᠨᠠᠷᠠᠨ ᠬᠤᠷᠤᠢ
ᠬᠤᠷᠤᠢ᠁
ᠬᠤᠷᠤᠢ᠁
ᠦᠰᠦᠭ ᠠᠮᠢᠯᠠᠭᠤᠯᠤᠭᠴᠢ᠄ ᠰᠣᠳᠣ
ᠦᠰᠦᠭ ᠬᠠᠲᠠᠭᠴᠢ᠄ ᠰᠣᠳᠣ
ᠬᠢᠨᠠᠭᠴᠢ᠄ ᠣᠳᠬᠠᠨᠰᠣ᠎ᠠ
