ᠥᠭᠡᠳᠡ ᠪᠡᠨ ᠵᠠᠶᠠᠭᠠᠲᠠᠢ ᠤᠳᠤᠮᠲᠤ ᠮᠣᠩᠭᠣᠯ-ᠮᠠᠨᠳᠤᠬᠤ ᠪᠠᠭᠰᠢ ᠵᠢᠨ ᠤᠷᠠᠨ ᠪᠢᠴᠢᠯᠭᠡ ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠭᠡᠳᠡ ᠪᠡᠨ ᠵᠠᠶᠠᠭᠠᠲᠠᠢ ᠤᠳᠤᠮᠲᠤ ᠮᠣᠩᠭᠣᠯ-ᠮᠠᠨᠳᠤᠬᠤ ᠪᠠᠭᠰᠢ ᠵᠢᠨ ᠤᠷᠠᠨ ᠪᠢᠴᠢᠯᠭᠡ

ᠥᠭᠡᠳᠡ ᠪᠡᠨ ᠵᠠᠶᠠᠭᠠᠲᠠᠢ ᠤᠳᠤᠮᠲᠤ ᠮᠣᠩᠭᠣᠯ-ᠮᠠᠨᠳᠤᠬᠤ ᠪᠠᠭᠰᠢ ᠵᠢᠨ ᠤᠷᠠᠨ ᠪᠢᠴᠢᠯᠭᠡ

ᠠᠩᠭᠢᠯᠠᠯ:ᠤᠷᠠᠨ ᠪᠢᠴᠢᠯᠭᠡ
2025-01-20

567

ᠥᠭᠡᠳᠡ ᠪᠡᠨ ᠵᠠᠶᠠᠭᠠᠲᠠᠢ ᠤᠳᠤᠮᠲᠤ ᠮᠣᠩᠭᠣᠯ


    ᠦᠭᠡ᠄ ᠰ· ᠤᠳᠬᠤᠨ 
    ᠠᠶ᠎ᠠ᠄ ᠥᠷᠭᠡᠨ 

ᠬᠠᠭᠠᠨ ᠰᠠᠭᠠᠲᠠᠭᠰᠠᠨ ᠨᠤᠲᠤᠭ ᠤ᠋ᠨ 
ᠬᠠᠯᠠᠭᠤᠨ ᠰᠢᠷᠣᠢ ᠨᠢ ᠵᠥᠭᠡᠯᠡᠨ ᠪᠣᠯᠬᠣᠷ 
ᠬᠠᠲᠤᠨ ᠡᠭᠡᠰᠢᠭᠯᠡᠯᠲᠡᠢ ᠮᠣᠩᠭᠣᠯ ᠣᠷᠣᠨ ᠮᠢᠨᠢ 
ᠰᠠᠯᠬᠢ ᠨᠢ ᠤᠶᠠᠬᠠᠨ ᠪᠠᠢᠯᠭᠦᠢ 
ᠥᠭᠡᠳᠡ ᠪᠡᠨ ᠵᠠᠶᠠᠭᠠᠲᠠᠢ ᠤᠳᠤᠮᠲᠤ ᠮᠣᠩᠭᠣᠯ 
ᠤᠨᠲᠠᠷᠠᠵᠤ ᠪᠣᠯᠣᠰᠢ ᠦᠭᠡᠢ ᠮᠥᠩᠬᠡ ᠶ᠋ᠢᠨ ᠮᠣᠩᠭᠣᠯ ᠃

ᠠᠳᠤᠭᠤ ᠬᠣᠨᠣᠭᠰᠠᠨ ᠲᠠᠯ᠎ᠠ ᠶ᠋ᠢᠨ
ᠦᠯᠢᠶᠡᠬᠦ ᠵᠢᠪᠠᠷ ᠨᠢ ᠪᠦᠯᠢᠶᠡᠨ ᠪᠣᠯᠬᠣᠷ
ᠠᠷᠠᠳ ᠤ᠋ᠨ ᠳᠠᠭᠤᠤ ᠲᠠᠢ ᠮᠣᠩᠭᠣᠯ ᠣᠷᠣᠨ ᠮᠢᠨᠢ
ᠴᠢᠯᠠᠭᠤ ᠨᠢ ᠠᠮᠢ ᠲᠠᠢ ᠪᠠᠢᠯᠭᠦᠢ
ᠥᠭᠡᠳᠡ ᠪᠡᠨ ᠵᠠᠶᠠᠭᠠᠲᠠᠢ ᠤᠳᠤᠮᠲᠤ ᠮᠣᠩᠭᠣᠯ
ᠤᠨᠲᠠᠷᠠᠵᠤ ᠪᠣᠯᠣᠰᠢ ᠦᠭᠡᠢ ᠮᠥᠩᠬᠡ ᠶ᠋ᠢᠨ ᠮᠣᠩᠭᠣᠯ᠃

ᠠᠭᠢ ᠬᠠᠯᠢᠭᠤᠷᠠᠭᠰᠠᠨ ᠰᠢᠯᠢ ᠶ᠋ᠢᠨ
ᠠᠯᠠᠭ ᠴᠡᠴᠡᠭ ᠨᠢ ᠠᠩᠬᠢᠯᠤᠭᠤᠨ ᠪᠣᠯᠬᠣᠷ
ᠠᠶᠠᠯᠭᠤ ᠰᠢᠩᠭᠡᠭᠰᠡᠨ ᠮᠣᠩᠭᠣᠯ ᠣᠷᠣᠨ  ᠤ᠋ ᠮᠢᠨᠢ
ᠠᠶᠠᠰ ᠨᠢ ᠢᠷᠠᠭᠤ ᠪᠠᠢᠯᠭᠦᠢ
ᠥᠭᠡᠳᠡ ᠪᠡᠨ ᠵᠠᠶᠠᠭᠠᠲᠠᠢ ᠤᠳᠤᠮᠲᠤ ᠮᠣᠩᠭᠣᠯ
ᠤᠨᠲᠠᠷᠠᠵᠤ ᠪᠣᠯᠣᠰᠢ ᠦᠭᠡᠢ ᠮᠥᠩᠬᠡ ᠶ᠋ᠢᠨ ᠮᠣᠩᠭᠣᠯ
ᠥᠭᠡᠳᠡ ᠪᠡᠨ ᠵᠠᠶᠠᠭᠠᠲᠠᠢ ᠤᠳᠤᠮᠲᠤ ᠮᠣᠩᠭᠣᠯ
ᠤᠨᠲᠠᠷᠠᠵᠤ ᠪᠣᠯᠣᠰᠢ ᠦᠭᠡᠢ ᠮᠥᠩᠬᠡ ᠶ᠋ᠢᠨ ᠮᠣᠩᠭᠣᠯ
ᠥᠭᠡᠳᠡ ᠪᠡᠨ ᠵᠠᠶᠠᠭᠠᠲᠠᠢ ᠤᠳᠤᠮᠲᠤ ᠮᠣᠩᠭᠣᠯ
ᠤᠨᠲᠠᠷᠠᠵᠤ ᠪᠣᠯᠣᠰᠢ ᠦᠭᠡᠢ ᠮᠥᠩᠬᠡ ᠶ᠋ᠢᠨ ᠮᠣᠩᠭᠣᠯ ᠁
     
       ᠦᠰᠦᠭ ᠠᠮᠢᠯᠠᠭᠤᠯᠤᠭᠴᠢ᠄ ᠨᠠᠷᠠᠨᠲᠣᠭᠣᠰ
       ᠬᠢᠨᠠᠭᠴᠢ᠄ ᠤᠤᠭᠠᠨᠵᠢᠳ