ᠤᠤᠬᠠᠢ -ᠮᠠᠨᠳᠤᠬᠤ ᠪᠠᠭᠰᠢ ᠶᠢᠨ ᠤᠷᠠᠨ ᠪᠢᠴᠢᠯᠭᠡ
《ᠤᠤᠬᠠᠢ 》
ᠦᠭᠡ᠄ ᠭ ᡀᠬᠠᠪᠠᠰᠥ᠋ᠷᠥᠩ
ᠠᠶ᠎ᠠ᠄ ᠤᠨᠤᠨ
ᠳᠠᠭᠤᠯᠠᠭᠰᠠᠨ ᠨᠢ᠄ ᠳᠡᠯᠡᠬᠡᠢ ᠬᠠᠮᠲᠤᠯᠢᠭ
ᠤᠶᠠᠬᠠᠨ ᠽᠠᠮᠪᠤᠲᠢᠪ ᠤ᠋ᠨ ᠨᠠᠷᠠ ᠪᠠᠨ ᠳᠠᠭᠤᠯᠠᠳᠠᠭ ᠮᠣᠩᠭᠣᠯ ᠬᠥᠮᠦᠨ ᠦ᠌ ᠦᠷ᠎ᠡ ᠰᠢᠦ ᠳᠧ
ᠠᠭᠤᠯᠠ ᠤᠰᠤ ᠪᠠᠨ ᠳᠡᠭᠡᠳᠦᠯᠡᠨ ᠥᠰᠦᠭᠰᠡᠨ ᠤᠬᠠᠭᠠᠨ ᠰᠠᠷᠠᠭᠤᠯ ᠮᠣᠩᠭᠣᠯ ᠬᠥᠮᠦᠨ ᠰᠢᠦ ᠳᠧ
ᠤᠶᠠᠩᠭᠠᠲᠤ ᠮᠣᠷᠢᠨ ᠬᠤᠭᠤᠷ ᠤ᠋ᠨ ᠡᠬᠡᠰᠢᠭ ᠲᠦ᠍ ᠤᠶᠠᠷᠠᠵᠤ ᠲᠣᠷᠨᠢᠭᠰᠠᠨ ᠬᠥᠮᠦᠨ ᠦ᠌ ᠦᠷ᠎ᠡ ᠰᠢᠦ ᠳᠧ
ᠠᠭᠤᠳᠠᠮ ᠰᠠᠨᠰᠠᠷ ᠲᠤ᠌ ᠠᠶᠠᠯᠠᠭᠠᠳ ᠢᠷᠡᠭᠰᠡᠨ ᠤᠳᠤᠮ ᠰᠤᠳᠤᠷᠲᠤ ᠮᠣᠩᠭᠣᠯ ᠬᠥᠮᠦᠨ ᠰᠢᠦ ᠳᠧ
ᠤᠤᠬᠠᠢ ᠁
ᠳᠠᠶᠠᠭᠠᠷ ᠣᠯᠠᠨ ᠮᠣᠩᠭᠣᠯᠴᠤᠳ ᠮᠢᠨᠢ ᠤᠤᠬᠠᠢ
ᠳᠠᠶᠠᠩ ᠳᠡᠯᠡᠬᠡᠢ ᠶ᠋ᠢ ᠬᠠᠢᠷᠠᠯᠠᠵᠤ ᠶᠠᠪᠤᠶ᠎ᠠ ᠤᠤᠬᠠᠢ
ᠪᠤᠮᠠᠨ ᠣᠯᠠᠨ ᠮᠣᠩᠭᠣᠯᠴᠤᠳ ᠮᠢᠨᠢ ᠤᠤᠬᠠᠢ
ᠪᠤᠭᠤᠷᠤᠯ ᠬᠣᠷᠸ᠎ᠠ ᠶ᠋ᠢ ᠬᠠᠢᠷᠠᠯᠠᠵᠤ ᠶᠠᠪᠤᠶ᠎ᠠ ᠤᠤᠬᠠᠢ
ᠡᠨᠡ ᠶᠢᠷᠲᠢᠨᠴᠦ ᠶ᠋ᠢᠨ ᠵᠢᠮ᠎ᠡ ᠶ᠋ᠢ ᠡᠷᠲᠡ ᠡᠴᠡ ᠲᠠᠨᠢᠭᠰᠠᠨ ᠬᠥᠮᠦᠨ ᠦ᠌ ᠦᠷ᠎ᠡ ᠰᠢᠦ ᠳᠧ
ᠡᠪᠲᠡᠢ ᠬᠥᠮᠦᠨ ᠪᠦᠲᠦᠭᠡᠳᠡᠭ ᠢ᠋ ᠡᠬᠢᠯᠡᠵᠦ ᠦᠵᠡᠭᠰᠡᠨ ᠮᠣᠩᠭᠣᠯ ᠬᠥᠮᠦᠨ ᠰᠢᠦ ᠳᠧ
ᠡᠷᠬᠡ ᠶ᠋ᠢ ᠰᠤᠷᠬᠤ ᠪᠠᠷ ᠪᠡᠷᠬᠡ ᠶ᠋ᠢ ᠰᠤᠷᠳᠠᠭ ᠡᠷᠳᠡᠮ ᠣᠶᠤᠨᠲᠤ ᠬᠥᠮᠦᠨ ᠦ᠌ ᠦᠷ᠎ᠡ ᠰᠢᠦ ᠳᠧ
ᠡᠷᠡᠯᠬᠡᠭ ᠳᠠᠢᠴᠢᠨ ᠲᠡᠦᠬᠡ ᠲᠡᠢ ᠡᠵᠡᠨ ᠴᠢᠩᠭᠢᠰ ᠦ᠋ᠨ ᠮᠣᠩᠭᠣᠯ ᠬᠥᠮᠦᠨ ᠰᠢᠦ ᠳᠧ
ᠤᠤᠬᠠᠢ ᠁
ᠳᠠᠶᠠᠭᠠᠷ ᠣᠯᠠᠨ ᠮᠣᠩᠭᠣᠯᠴᠤᠳ ᠮᠢᠨᠢ ᠤᠤᠬᠠᠢ
ᠳᠠᠶᠠᠩ ᠳᠡᠯᠡᠬᠡᠢ ᠶ᠋ᠢ ᠬᠠᠢᠷᠠᠯᠠᠵᠤ ᠶᠠᠪᠤᠶ᠎ᠠ ᠤᠤᠬᠠᠢ
ᠪᠤᠮᠠᠨ ᠣᠯᠠᠨ ᠮᠣᠩᠭᠣᠯᠴᠤᠳ ᠮᠢᠨᠢ ᠤᠤᠬᠠᠢ
ᠪᠤᠭᠤᠷᠤᠯ ᠬᠣᠷᠸ᠎ᠠ ᠶ᠋ᠢ ᠬᠠᠢᠷᠠᠯᠠᠵᠤ ᠶᠠᠪᠤᠶ᠎ᠠ ᠤᠤᠬᠠᠢ
ᠣᠷᠴᠢᠯᠠᠩ ᠳᠡᠯᠡᠬᠡᠢ ᠶ᠋ᠢ ᠮᠥᠩᠬᠡᠳᠡ ᠢᠪᠡᠭᠡᠭᠴᠢ ᠳᠡᠭᠡᠳᠦ ᠶ᠋ᠢᠨ ᠭᠡᠷᠡᠯ ᠨᠢ ᠠᠯᠲᠠᠨ ᠨᠠᠷᠠ ᠰᠢᠦ ᠳᠧ
ᠣᠯᠠᠨ ᠲᠦᠮᠡᠨ ᠬᠥᠮᠦᠨ ᠦ᠌ ᠣᠷᠣᠢ ᠶ᠋ᠢᠨ ᠴᠢᠮᠡᠭ ᠨᠢ ᠴᠢᠩᠭᠢᠰ ᠬᠠᠭᠠᠨ ᠰᠢᠦ ᠳᠧ
ᠤᠤᠬᠠᠢ ᠁
ᠳᠠᠶᠠᠭᠠᠷ ᠣᠯᠠᠨ ᠮᠣᠩᠭᠣᠯᠴᠤᠳ ᠮᠢᠨᠢ ᠤᠤᠬᠠᠢ
ᠳᠠᠶᠠᠩ ᠳᠡᠯᠡᠬᠡᠢ ᠶ᠋ᠢ ᠬᠠᠢᠷᠠᠯᠠᠵᠤ ᠶᠠᠪᠤᠶ᠎ᠠ ᠤᠤᠬᠠᠢ
ᠪᠤᠮᠠᠨ ᠣᠯᠠᠨ ᠮᠣᠩᠭᠣᠯᠴᠤᠳ ᠮᠢᠨᠢ ᠤᠤᠬᠠᠢ
ᠪᠤᠭᠤᠷᠤᠯ ᠬᠣᠷᠸ᠎ᠠ ᠶ᠋ᠢ ᠬᠠᠢᠷᠠᠯᠠᠵᠤ ᠶᠠᠪᠤᠶ᠎ᠠ ᠤᠤᠬᠠᠢ
ᠪᠣᠭᠳᠠ ᠴᠢᠩᠭᠢᠰ ᠦ᠋ᠨ ᠪᠢᠯᠢᠭ ᠤᠬᠠᠭᠠᠨ ᠤᠤᠬᠠᠢ
ᠪᠤᠮᠠᠨ ᠴᠡᠷᠢᠭ ᠦ᠋ᠨ ᠰᠦᠷᠯᠢᠭ ᠲᠦᠷᠡᠯᠭᠡ ᠤᠤᠬᠠᠢ
ᠦᠰᠦᠭ ᠠᠮᠢᠯᠠᠭᠤᠯᠤᠭᠴᠢ᠄ ᠨᠠᠨᠵᠢᠮᠡ
ᠦᠰᠦᠭ ᠬᠢᠨᠠᠭᠴᠢ᠄ ᠮᠣᠩᠭᠣᠯ ᠰᠦᠨᠡᠰᠦ᠂ ᠤᠷᠢᠶᠠᠩᠬᠠᠢ ᠨᠠᠷᠠᠨᠮᠠᠨᠳᠠ