ᠬᠥᠮᠦᠨ ᠦ᠌ ᠰᠠᠢᠬᠠᠨ ᠬᠠᠢᠷ᠎ᠠ ᠶ᠋ᠢ -ᠯ ᠪᠠᠨᠽᠠᠷᠠᠭᠴᠢ- Б.Пүрэвсүрэн Banzragch - Humuunii saihan hairiig Хүмүүний сайхан хайрыг
ᠬᠥᠮᠦᠨ ᠦ᠌ ᠰᠠᠢᠬᠠᠨ ᠬᠠᠢᠷ᠎ᠠ ᠶ᠋ᠢ
ᠰᠢᠯᠦᠭ᠄ ᠠ᠊ ᠪᠦᠷᠢᠳᠡ ᠥᠵᠢᠨ
ᠠᠶ᠎ᠠ᠄ ᠪ ᠫᠦᠷᠪᠦᠰᠥ᠋ᠷᠦᠩ
ᠳᠠᠭᠤᠴᠢᠨ᠄ ᠯ ᠪᠠᠨᠽᠠᠷᠠᠭᠴᠢ
ᠦᠨᠳᠦᠰᠦ ᠪᠦᠬᠦᠨ ᠤᠷᠭᠤᠨ ᠤᠷᠭᠤᠨ ᠳᠡᠯᠭᠡᠷᠡᠨ᠎ᠡ
ᠤᠬᠢᠯᠠᠬᠤ ᠳᠠᠭᠤᠯᠠᠬᠤ ᠨᠢ ᠴᠦ᠍ ᠵᠢᠷᠭᠠᠯ ᠰᠢᠦ ᠳᠡ
ᠦᠢᠮᠡᠭᠰᠡᠨ ᠰᠡᠳᠬᠢᠯ ᠢ᠋ᠶ᠋ᠡᠨ ᠬᠤᠷ᠎ᠠ ᠪᠠᠷ ᠠᠷᠭᠠᠳᠠᠶ᠎ᠠ ᠳᠠ
ᠦᠯᠡᠳᠡᠬᠦ ᠮᠥᠷ ᠮᠢᠨᠢ ᠰᠡᠪ ᠦᠭᠡᠢ ᠪᠠᠢᠭ ᠠ᠋
ᠠᠭᠤᠵᠢᠷᠠᠨ ᠠᠭᠤᠵᠢᠷᠠᠨ ᠪᠣᠳᠣᠭᠠᠷᠠᠢ
ᠬᠣᠷᠸ᠎ᠠ ᠶ᠋ᠢᠨ ᠠᠮᠤᠭᠤᠯᠠᠩ ᠰᠠᠢᠬᠠᠨ ᠢ᠋
ᠤᠮᠠᠷᠲᠠᠭᠠᠳ ᠤᠮᠠᠷᠲᠠᠭᠠᠳ ᠡᠨᠡᠷᠢᠭᠡᠷᠡᠢ
ᠬᠥᠮᠦᠨ ᠦ᠌ ᠰᠠᠢᠬᠠᠨ ᠬᠠᠢᠷ᠎ᠠ ᠶ᠋ᠢ
ᠳᠠᠭᠤᠰᠤᠰᠢ ᠦᠭᠡᠢ ᠳᠤᠮᠳᠠᠷᠠᠬᠤ ᠦᠭᠡᠢ ᠨᠠᠨᠳᠢᠨ ᠰᠡᠳᠬᠢᠯ ᠢ᠋ᠶ᠋ᠡᠨ
ᠳᠤᠲᠠᠭᠤ ᠨᠢ ᠦᠭᠡᠢ ᠳᠦᠭᠦᠷᠡᠩ ᠪᠠᠢᠯᠭᠠᠶ᠎ᠠ ᠳᠠ
ᠠᠮᠢᠰᠬᠤᠯ ᠨᠢᠭᠡ ᠯᠡ ᠡᠨᠡᠬᠡᠨ ᠵᠠᠶᠠᠭᠠᠨ ᠳ᠋ᠠᠭᠠᠨ
ᠠᠮᠢᠨ ᠬᠠᠢᠷ᠎ᠠ ᠪᠠᠷ ᠥᠷᠥᠭᠡᠯ ᠢ᠋ ᠡᠨᠡᠷᠢᠶᠡ ᠳᠧ
ᠠᠭᠤᠵᠢᠷᠠᠨ ᠠᠭᠤᠵᠢᠷᠠᠨ ᠪᠣᠳᠣᠭᠠᠷᠠᠢ
ᠬᠣᠷᠸ᠎ᠠ ᠶ᠋ᠢᠨ ᠠᠮᠤᠭᠤᠯᠠᠩ ᠰᠠᠢᠬᠠᠨ ᠢ᠋
ᠤᠮᠠᠷᠲᠠᠭᠠᠳ ᠤᠮᠠᠷᠲᠠᠭᠠᠳ ᠡᠨᠡᠷᠢᠭᠡᠷᠡᠢ
ᠬᠥᠮᠦᠨ ᠦ᠌ ᠰᠠᠢᠬᠠᠨ ᠬᠠᠢᠷ᠎ᠠ ᠶ᠋ᠢ
ᠰᠡᠳᠬᠢᠯ ᠲᠡᠢ ᠪᠦᠬᠦᠨ ᠢ᠋ ᠳᠡᠭᠡᠳᠦᠯᠡᠨ ᠲᠦᠰᠢᠭᠯᠡᠭᠡᠳ
ᠰᠠᠨᠠᠭ᠎ᠠ ᠳᠠᠭᠠᠭᠠᠳ ᠦᠢᠯᠡᠰ ᠴᠤ᠌ ᠳᠡᠭᠡᠭᠰᠢ ᠪᠡᠨ ᠳᠧ
ᠳᠠᠭᠤᠤ ᠪᠠᠷ ᠠᠮᠢᠯᠠᠳᠠᠭ ᠬᠥᠮᠦᠨ ᠲᠠᠪᠢᠯᠠᠩ ᠮᠢᠨᠢ
ᠳᠦᠭᠦᠷᠡᠩ ᠵᠢᠷᠭᠠᠯ ᠤ᠋ᠨ ᠬᠡᠢᠮᠣᠷᠢ ᠥᠭᠡᠳᠡ ᠪᠡᠨ ᠳᠧ
ᠠᠭᠤᠵᠢᠷᠠᠨ ᠠᠭᠤᠵᠢᠷᠠᠨ ᠪᠣᠳᠣᠭᠠᠷᠠᠢ
ᠬᠣᠷᠸ᠎ᠠ ᠶ᠋ᠢᠨ ᠠᠮᠤᠭᠤᠯᠠᠩ ᠰᠠᠢᠬᠠᠨ ᠢ᠋
ᠤᠮᠠᠷᠲᠠᠭᠠᠳ ᠤᠮᠠᠷᠲᠠᠭᠠᠳ ᠡᠨᠡᠷᠢᠭᠡᠷᠡᠢ
ᠬᠥᠮᠦᠨ ᠦ᠌ ᠰᠠᠢᠬᠠᠨ ᠬᠠᠢᠷ᠎ᠠ ᠶ᠋ᠢ
ᠠᠭᠤᠵᠢᠷᠠᠨ ᠠᠭᠤᠵᠢᠷᠠᠨ ᠪᠣᠳᠣᠭᠠᠷᠠᠢ
ᠬᠣᠷᠸ᠎ᠠ ᠶ᠋ᠢᠨ ᠠᠮᠤᠭᠤᠯᠠᠩ ᠰᠠᠢᠬᠠᠨ ᠢ᠋
ᠤᠮᠠᠷᠲᠠᠭᠠᠳ ᠤᠮᠠᠷᠲᠠᠭᠠᠳ ᠡᠨᠡᠷᠢᠭᠡᠷᠡᠢ
ᠬᠥᠮᠦᠨ ᠦ᠌ ᠰᠠᠢᠬᠠᠨ ᠬᠠᠢᠷ᠎ᠠ ᠶ᠋ᠢ
ᠬᠥᠮᠦᠨ ᠦ᠌ ᠰᠠᠢᠬᠠᠨ ᠬᠠᠢᠷ᠎ᠠ ᠶ᠋ᠢ
ᠦᠰᠦᠭ ᠠᠮᠢᠯᠠᠭᠤᠯᠤᠭᠰᠠᠨ ᠨᠢ᠄ ᠴᠣᠯᠮᠣᠨ
ᠦᠰᠦᠭ ᠬᠠᠲᠠᠭᠴᠢ᠄ ᠴᠣᠯᠮᠣᠨ
