ᠳᠡᠯᠭᠡᠷᠡᠬᠦ ᠵᠠᠶᠠᠭ᠎ᠠ ᠲᠠᠢ ᠡᠬᠡ ᠣᠷᠣᠨ - ᠪᠠᠲᠤᠰᠦ᠋ᠬᠡ ᠶ᠋ᠢᠨ ᠮᠥᠩᠬᠡᠲᠡᠮᠦᠷДэлгэрэх заяатай эх орон-Батсүхын Мөнхтөмөр
ᠳᠡᠯᠭᠡᠷᠡᠬᠦ ᠵᠠᠶᠠᠭ᠎ᠠ ᠲᠠᠢ ᠡᠬᠡ ᠣᠷᠣᠨ
ᠰᠢᠯᠦᠭ᠄ ᠶᠣᠩᠳᠣᠨ ᠤ᠋ ᠡᠷᠳᠡᠨᠢᠲᠣᠭᠲᠠᠬᠤ
ᠠᠶ᠎ᠠ᠄ ᠪᠠᠯᠵᠢᠷ ᠤ᠋ᠨ ᠴᠢᠷᠮᠠᠢᠯᠲᠠ
ᠳᠠᠭᠤᠴᠢᠨ᠄ ᠪᠠᠲᠤᠰᠦ᠋ᠬᠡ ᠶ᠋ᠢᠨ ᠮᠥᠩᠬᠡᠲᠡᠮᠦᠷ
ᠴᠡᠩᠬᠡᠷ ᠠᠭᠤᠯᠠᠰ ᠨᠢ ᠰᠦᠨᠳᠡᠷᠯᠡᠬᠦ ᠪᠡᠷ ᠰᠡᠳᠬᠢᠯ ᠥᠨᠳᠡᠯᠵᠡᠨ᠎ᠡ
ᠴᠡᠭᠡᠯ ᠦ᠋ᠨ ᠤᠰᠤ ᠨᠢ ᠮᠡᠯᠮᠡᠯᠵᠡᠬᠦ ᠪᠡᠷ ᠰᠠᠨᠠᠭ᠎ᠠ ᠠᠷᠢᠭᠤᠰᠤᠨᠠ
ᠠᠭᠤᠳᠠᠮ ᠲᠠᠯ᠎ᠠ ᠨᠢ ᠴᠡᠯᠡᠢᠬᠦ ᠪᠡᠷ ᠴᠡᠭᠡᠵᠢ ᠠᠭᠤᠵᠢᠷᠠᠨ᠎ᠠ
ᠤᠷᠲᠤ ᠶ᠋ᠢᠨ ᠳᠠᠭᠤᠤ ᠨᠢ ᠰᠢᠷᠤᠩᠬᠠᠶ᠋ᠢᠯᠠᠬᠤ ᠪᠠᠷ ᠰᠣᠨᠣᠷ ᠡᠭᠡᠰᠢᠭᠯᠡᠨ᠎ᠡ
ᠰᠠᠢᠨ ᠤ᠋ ᠢᠷᠦᠭᠡᠯ ᠢ᠋ᠶ᠋ᠡᠷ ᠰᠦᠵᠢᠭᠯᠡᠨ ᠵᠠᠶᠠᠭᠠᠭᠰᠠᠨ
ᠰᠠᠢᠬᠠᠨ ᠮᠣᠩᠭᠣᠯ ᠥᠯᠥᠭᠡᠢ ᠨᠤᠲᠤᠭ ᠮᠢᠨᠢ
ᠲᠩᠷᠢᠯᠢᠭ ᠳᠡᠭᠡᠳᠦᠰ ᠦ᠋ᠨ ᠮᠢᠨᠢ ᠥᠪᠯᠡᠭᠦᠯᠵᠦ ᠥᠭᠭᠦᠭᠰᠡᠨ
ᠳᠡᠯᠭᠡᠷᠡᠬᠦ ᠵᠠᠶᠠᠭ᠎ᠠ ᠲᠠᠢ ᠡᠬᠡ ᠣᠷᠣᠨ ᠮᠢᠨᠢ ᠳᠡ ᠬᠥ
ᠮᠥᠩᠬᠡ ᠲᠩᠷᠢ ᠪᠡᠨ ᠰᠢᠲᠦᠬᠦ ᠪᠡᠷ ᠵᠠᠶᠠᠭ᠎ᠠ ᠥᠭᠡᠳᠡᠯᠡᠨ᠎ᠡ
ᠮᠥᠷᠡᠨ ᠭᠣᠣᠯ ᠠ᠋ᠴᠠ ᠤᠮᠳᠠᠭᠠᠯᠠᠬᠤ ᠳ᠋ᠤ᠌ ᠵᠤᠯᠪᠠᠭ᠎ᠠ ᠰᠡᠷᠭᠦᠨ᠎ᠡ
ᠲᠠᠪᠤᠨ ᠡᠷᠳᠡᠨᠢ ᠪᠡᠨ ᠥᠰᠬᠡᠬᠦ ᠳ᠋ᠦ᠍ ᠬᠡᠰᠢᠭ ᠬᠤᠷᠠᠨ᠎ᠠ
ᠲᠠᠨᠠᠨ ᠭᠡᠷ ᠲᠡᠭᠡᠨ ᠠᠮᠢᠳᠤᠷᠠᠬᠤ ᠳ᠋ᠤ᠌ ᠪᠤᠶᠠᠨ ᠳᠡᠯᠭᠡᠷᠡᠨ᠎ᠡ
ᠰᠠᠢᠨ ᠤ᠋ ᠢᠷᠦᠭᠡᠯ ᠢ᠋ᠶ᠋ᠡᠷ ᠰᠦᠵᠢᠭᠯᠡᠨ ᠵᠠᠶᠠᠭᠠᠭᠰᠠᠨ
ᠰᠠᠢᠬᠠᠨ ᠮᠣᠩᠭᠣᠯ ᠥᠯᠥᠭᠡᠢ ᠨᠤᠲᠤᠭ ᠮᠢᠨᠢ
ᠲᠩᠷᠢᠯᠢᠭ ᠳᠡᠭᠡᠳᠦᠰ ᠦ᠋ᠨ ᠮᠢᠨᠢ ᠥᠪᠯᠡᠭᠦᠯᠵᠦ ᠥᠭᠭᠦᠭᠰᠡᠨ
ᠳᠡᠯᠭᠡᠷᠡᠬᠦ ᠵᠠᠶᠠᠭ᠎ᠠ ᠲᠠᠢ ᠡᠬᠡ ᠣᠷᠣᠨ ᠮᠢᠨᠢ ᠳᠡ ᠬᠥ
ᠰᠠᠴᠤᠯᠢ ᠪᠠᠨ ᠳᠡᠭᠡᠵᠢᠯᠡᠨ ᠡᠷᠭᠦᠬᠦ ᠪᠡᠷ ᠬᠣᠷᠸ᠎ᠠ ᠪᠡᠶᠡᠰᠦᠨ᠎ᠡ
ᠰᠠᠭᠠᠯᠢ ᠶ᠋ᠢᠨ ᠰᠢᠮ᠎ᠡ ᠲᠡᠢ ᠬᠤᠷ᠎ᠠ ᠪᠠᠷ ᠢᠪᠢᠯᠦᠨ ᠢᠪᠡᠭᠡᠨ᠎ᠡ
ᠤᠳᠤᠮ ᠤ᠋ᠨ ᠭᠣᠯᠣᠮᠲᠠ ᠪᠠᠨ ᠳᠡᠭᠡᠳᠦᠯᠡᠬᠦ ᠪᠡᠷ ᠭᠠᠯ ᠮᠢᠨᠢ ᠪᠠᠳᠠᠷᠠᠨ᠎ᠠ
ᠤᠭᠰᠠᠭ᠎ᠠ ᠮᠣᠩᠭᠣᠯ ᠲᠦᠮᠡᠨ ᠦ᠌ ᠮᠢᠨᠢ ᠬᠡᠢᠮᠣᠷᠢ ᠮᠠᠨᠳᠤᠨ᠎ᠠ
ᠰᠠᠢᠨ ᠤ᠋ ᠢᠷᠦᠭᠡᠯ ᠢ᠋ᠶ᠋ᠡᠷ ᠰᠦᠵᠢᠭᠯᠡᠨ ᠵᠠᠶᠠᠭᠠᠭᠰᠠᠨ
ᠰᠠᠢᠬᠠᠨ ᠮᠣᠩᠭᠣᠯ ᠥᠯᠥᠭᠡᠢ ᠨᠤᠲᠤᠭ ᠮᠢᠨᠢ
ᠲᠩᠷᠢᠯᠢᠭ ᠳᠡᠭᠡᠳᠦᠰ ᠦ᠋ᠨ ᠮᠢᠨᠢ ᠥᠪᠯᠡᠭᠦᠯᠵᠦ ᠥᠭᠭᠦᠭᠰᠡᠨ
ᠳᠡᠯᠭᠡᠷᠡᠬᠦ ᠵᠠᠶᠠᠭ᠎ᠠ ᠲᠠᠢ ᠡᠬᠡ ᠣᠷᠣᠨ ᠮᠢᠨᠢ ᠳᠡ ᠬᠥ
ᠲᠩᠷᠢᠯᠢᠭ ᠳᠡᠭᠡᠳᠦᠰ ᠦ᠋ᠨ ᠮᠢᠨᠢ ᠥᠪᠯᠡᠭᠦᠯᠵᠦ ᠥᠭᠭᠦᠭᠰᠡᠨ
ᠳᠡᠯᠭᠡᠷᠡᠬᠦ ᠵᠠᠶᠠᠭ᠎ᠠ ᠲᠠᠢ ᠡᠬᠡ ᠣᠷᠣᠨ ᠮᠢᠨᠢ ᠳᠡ ᠬᠥ
ᠰᠠᠢᠨ ᠤ᠋ ᠢᠷᠦᠭᠡᠯ ᠢ᠋ᠶ᠋ᠡᠷ ᠰᠦᠵᠢᠭᠯᠡᠨ ᠵᠠᠶᠠᠭᠠᠭᠰᠠᠨ
ᠰᠠᠢᠬᠠᠨ ᠮᠣᠩᠭᠣᠯ ᠥᠯᠥᠭᠡᠢ ᠨᠤᠲᠤᠭ ᠮᠢᠨᠢ
ᠲᠩᠷᠢᠯᠢᠭ ᠳᠡᠭᠡᠳᠦᠰ ᠦ᠋ᠨ ᠮᠢᠨᠢ ᠥᠪᠯᠡᠭᠦᠯᠵᠦ ᠥᠭᠭᠦᠭᠰᠡᠨ
ᠳᠡᠯᠭᠡᠷᠡᠬᠦ ᠵᠠᠶᠠᠭ᠎ᠠ ᠲᠠᠢ ᠡᠬᠡ ᠣᠷᠣᠨ ᠮᠢᠨᠢ ᠳᠡ ᠬᠥ
ᠳᠡᠯᠭᠡᠷᠡᠬᠦ ᠵᠠᠶᠠᠭ᠎ᠠ ᠲᠠᠢ ᠡᠬᠡ ᠣᠷᠣᠨ ᠮᠢᠨᠢ ᠳᠡ ᠬᠥ
ᠦᠰᠦᠭ ᠠᠮᠢᠯᠠᠭᠤᠯᠤᠭᠴᠢ᠄ ᠣᠳᠬᠠᠨᠰᠣ᠎ᠠ
ᠦᠰᠦᠭ ᠬᠠᠳᠠᠭᠴᠢ᠄ ᠣᠶᠤᠨᠳᠠᠯᠠᠢ
ᠬᠢᠨᠠᠭᠴᠢ᠄ ᠣᠳᠬᠠᠨᠰᠣ᠎ᠠ
