ᠴᠡᠴᠡᠭᠲᠦ ᠬᠥᠳᠡᠭᠡ ᠨᠤᠲᠤᠭ- ᠥᠯᠵᠡᠢᠮᠥᠷᠡᠨЦэцэгт хөдөө нутаг-Өлзиймөрөн ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠡᠴᠡᠭᠲᠦ ᠬᠥᠳᠡᠭᠡ ᠨᠤᠲᠤᠭ- ᠥᠯᠵᠡᠢᠮᠥᠷᠡᠨЦэцэгт хөдөө нутаг-Өлзиймөрөн

ᠴᠡᠴᠡᠭᠲᠦ ᠬᠥᠳᠡᠭᠡ ᠨᠤᠲᠤᠭ- ᠥᠯᠵᠡᠢᠮᠥᠷᠡᠨЦэцэгт хөдөө нутаг-Өлзиймөрөн

ᠠᠩᠭᠢᠯᠠᠯ:ᠳᠠᠭᠤᠤ ᠬᠥᠭᠵᠢᠮ
2025-01-15

900

ᠴᠡᠴᠡᠭᠲᠦ ᠬᠥᠳᠡᠭᠡ ᠨᠤᠲᠤᠭ 

     ᠦᠭᠡ᠄ ᠰᠠᠷᠠᠨᠴᠡᠴᠡᠭ 
     ᠠᠶ᠎ᠠ᠄ ᠷᠠᠰᠢᠬᠡᠸᠠ 
     ᠳᠠᠭᠤᠴᠢᠨ᠄ ᠥᠯᠵᠡᠢᠮᠥᠷᠡᠨ 
ᠨᠠᠷᠠᠨ ᠤ᠋ ᠲᠤᠶᠠᠭ᠎ᠠ ᠪᠠᠷ ᠰᠣᠯᠣᠩᠭᠠᠷᠠᠭᠰᠠᠨ 
ᠨᠣᠮᠢᠨ ᠨᠣᠭᠣᠭᠠᠨ ᠲᠠᠯ᠎ᠠ ᠳ᠋ᠤ᠌ ᠪᠠᠨ 
ᠰᠢᠨᠡᠬᠡᠨ ᠭᠡᠷ ᠦ᠋ᠳ ᠢᠷᠠᠢᠭᠠᠳ 
ᠰᠦ᠋ ᠴᠠᠭ᠎ᠠ ᠬᠠᠩᠬᠤᠯᠤᠭᠰᠠᠨ 
ᠴᠡᠴᠡᠭᠲᠦ ᠬᠥᠬᠡ ᠨᠤᠲᠤᠭ ᠮᠢᠨᠢ 
ᠴᠡᠩᠭᠡᠯ ᠵᠢᠷᠭᠠᠯ ᠤ᠋ᠨ ᠣᠷᠣᠨ ᠳᠠ ᠬᠦ᠋

ᠰᠠᠷᠠᠨ ᠤ᠋ ᠭᠡᠷᠡᠯ ᠢ᠋ᠶ᠋ᠡᠷ ᠰᠦᠯᠡᠭᠳᠡᠭᠰᠡᠨ 
ᠰᠠᠢᠬᠠᠨ ᠵᠤᠨ ᠤ᠋ ᠦᠳᠡᠰᠢ ᠪᠡᠷ
ᠬᠣᠲᠠᠨ ᠳ᠋ᠤ᠌ ᠬᠣᠨᠢᠳ ᠢᠷᠠᠭᠯᠠᠭᠠᠳ
ᠬᠣᠯᠠ ᠳ᠋ᠤ᠌ ᠪᠠᠨ ᠠᠳᠤᠭᠤᠳ ᠢᠨᠴᠠᠭᠠᠯᠳᠤᠭᠰᠠᠨ
ᠴᠡᠴᠡᠭᠲᠦ ᠬᠥᠳᠡᠭᠡ ᠨᠤᠲᠤᠭ ᠮᠢᠨᠢ
ᠴᠡᠩᠭᠡᠯ ᠵᠢᠷᠭᠠᠯ ᠤ᠋ᠨ ᠣᠷᠣᠨ ᠳᠠ ᠬᠦ᠋

ᠴᠡᠩᠬᠡᠷ ᠮᠠᠨᠠᠨ ᠢ᠋ᠶ᠋ᠠᠷ ᠬᠥᠰᠢᠭᠡᠯᠡᠭᠳᠡᠭᠰᠡᠨ 
ᠴᠡᠯᠡᠭᠡᠷ ᠬᠥᠪᠴᠢ ᠶ᠋ᠢᠨ ᠬᠠᠩᠭᠠᠢ ᠳ᠋ᠠᠭᠠᠨ 
ᠤᠷᠠᠨ ᠰᠢᠪᠠᠭᠤᠳ ᠵᠢᠷᠭᠢᠯᠳᠦᠭᠡᠳ 
ᠣᠯᠠᠨ ᠮᠠᠯᠴᠢᠳ ᠪᠠᠶᠠᠰᠤᠯᠴᠠᠭᠰᠠᠨ
ᠴᠡᠴᠡᠭᠲᠦ ᠬᠥᠳᠡᠭᠡ ᠨᠤᠲᠤᠭ ᠮᠢᠨᠢ
ᠴᠡᠩᠭᠡᠯ ᠵᠢᠷᠭᠠᠯ ᠤ᠋ᠨ ᠣᠷᠣᠨ ᠳᠠ ᠬᠦ᠋
ᠴᠡᠴᠡᠭᠲᠦ ᠬᠥᠳᠡᠭᠡ ᠨᠤᠲᠤᠭ ᠮᠢᠨᠢ
ᠴᠡᠩᠭᠡᠯ ᠵᠢᠷᠭᠠᠯ ᠤ᠋ᠨ ᠣᠷᠣᠨ ᠳᠠ ᠬᠦ᠋
ᠴᠡᠩᠭᠡᠯ ᠵᠢᠷᠭᠠᠯ ᠤ᠋ᠨ ᠣᠷᠣᠨ ᠳᠠ ᠬᠦ᠋

     ᠦᠰᠦᠭ ᠠᠮᠢᠯᠠᠭᠤᠯᠤᠭᠴᠢ᠄  ᠮᠢᠳᠤᠭᠮ᠎ᠠ
     ᠬᠢᠨᠠᠭᠴᠢ ᠄ ᠮᠣᠩᠭᠤᠯᠵᠠᠶᠠᠭ᠎ᠠ