ᠫᠣᠷᠣᠷᠣ᠋ ᠨᠢᠭᠡᠳᠦᠭᠡᠷ ᠪᠦᠯᠦᠭ37 ᠠᠩᠭᠢ ПоророPororo ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠫᠣᠷᠣᠷᠣ᠋ ᠨᠢᠭᠡᠳᠦᠭᠡᠷ ᠪᠦᠯᠦᠭ37 ᠠᠩᠭᠢ ПоророPororo

ᠫᠣᠷᠣᠷᠣ᠋ ᠨᠢᠭᠡᠳᠦᠭᠡᠷ ᠪᠦᠯᠦᠭ37 ᠠᠩᠭᠢ ПоророPororo

2025-01-14

746

ᠪᠢᠴᠢᠬᠠᠨ ᠣᠴᠣᠩ ᠰᠢᠪᠠᠭᠤ ᠫᠣᠷᠣᠷᠣ᠋

 ᠡᠬᠢᠯᠡᠯᠲᠡ ᠶ᠋ᠢᠨ ᠳᠠᠭᠤᠤ 
    ᠬᠥᠶᠢ ᠫᠣᠷᠣᠷᠣ᠋ ᠪᠠᠢᠨ᠎ᠠ 
    ᠲᠣᠭᠯᠠᠬᠤ ᠮᠠᠨᠢ ᠬᠠᠮᠤᠭ ᠤ᠋ᠨ ᠭᠣᠶᠣ 
    ᠨᠠᠢᠵᠠ ᠨᠤᠭᠤᠳ ᠠ᠋! ᠴᠤᠭᠯᠠᠭᠠᠷᠠᠢ 
    ᠴᠡᠩᠭᠡᠯᠳᠦᠵᠦ ᠬᠥᠭᠵᠢᠯᠳᠦᠨ ᠰᠠᠬᠢᠯᠭ᠎ᠠ ᠦᠭᠡᠢ ᠫᠣᠷᠣᠷᠣ᠋ 
    ᠴᠠᠰᠤ ᠲᠠᠢ ᠣᠢ ᠳ᠋ᠤ᠌ ᠣᠷᠣᠭᠰᠠᠨ ᠪᠢᠳᠡ ᠨᠠᠷ 
    ᠪᠢᠴᠢᠬᠠᠨ ᠣᠴᠣᠩ ᠰᠢᠪᠠᠭᠤ ᠭᠠᠷᠴᠤ ᠢᠷᠡᠯ᠎ᠡ 
    ᠬᠡᠵᠢᠶᠡᠳᠡ ᠴᠦ᠍ ᠰᠣᠨᠢᠷᠬᠠᠯᠲᠠᠢ 
    ᠥᠨᠥᠳᠥᠷ ᠪᠠᠰᠠ ᠶᠠᠭᠤ  ᠪᠣᠯᠬᠤ ᠪᠣᠯ ᠫᠣᠷᠣᠷᠣ᠋ 
    ᠳᠠᠭᠤᠳᠠᠭᠠᠷᠠᠢ ᠫᠣᠷᠣᠷᠣ᠋ ᠫᠣᠷᠣᠷᠣ᠋ ᠫᠣᠷᠣᠷᠣ᠋ 
    ᠫᠤᠷᠤ ᠫᠤᠷᠤ ᠫᠤᠷᠤ ᠫᠤᠷᠤ ᠫᠣᠷᠣᠷᠣ᠋ 
    ᠲᠣᠭᠯᠠᠬᠤ ᠮᠠᠨᠢ ᠬᠠᠮᠤᠭ ᠤ᠋ᠨ ᠭᠣᠶᠣ 
    ᠨᠠᠢᠵᠠ ᠨᠤᠭᠤᠳ ᠠ᠋! ᠴᠤᠭᠯᠠᠭᠠᠷᠠᠢ 
    ᠴᠡᠩᠭᠡᠯᠳᠦᠵᠦ ᠬᠥᠭᠵᠢᠯᠳᠦᠨ ᠫᠤᠷᠤ ᠫᠤᠷᠤ ᠫᠤᠷᠤ ᠫᠤᠷᠤ ᠫᠣᠷᠣᠷᠣ᠋ 

ᠴᠢᠳᠬᠥᠷ ᠲᠡᠢ ᠲᠠᠭᠠᠷᠠᠭᠰᠠᠨ ᠨᠢ 
ᠯᠥᠤᠫᠢ᠄ᠯᠠ ᠯᠠ ᠯᠠ ᠯᠠ ᠁ ᠯᠠ᠂ᠬᠡᠩ᠂ ᠮᠠᠷᠭᠠᠰᠢ ᠨᠠᠢᠵᠠ ᠨᠤᠭᠤᠳ ᠲᠠᠢ ᠪᠠᠨ ᠰᠠᠯᠬᠢᠨ ᠳ᠋ᠤ᠌ ᠭᠠᠷᠬᠤ ᠪᠠᠷ ᠪᠣᠯᠤᠭᠰᠠᠨ᠂ᠲᠡᠭᠡᠬᠦ ᠳ᠋ᠡᠭᠡᠨ ᠢᠳᠡᠬᠦ ᠪᠣᠭᠣᠷᠰᠣᠭ ᠬᠢᠵᠦ ᠪᠠᠢᠨ᠎ᠠ᠃ᠵᠠ᠂ ᠣᠳᠣ ᠳᠠᠪᠤᠰᠤ᠂ᠠ ? ᠳᠠᠭᠤᠰᠴᠢᠬᠠᠭᠰᠠᠨ ᠪᠠᠢᠨ᠎ᠠ ᠰᠢᠲᠠ᠃ᠶᠠᠭᠠᠬᠢᠨ᠎ᠠ ?ᠲᠡᠢᠮᠦ ᠠ᠋᠂ ᠫᠤᠪᠢ ᠶ᠋ᠢᠨ ᠳ᠋ᠦ᠍ ᠪᠠᠢᠭ᠎ᠠ ᠪᠠᠢᠬ᠎ᠠ᠃ᠠ ᠠ? ᠶᠠᠮᠠᠷ ᠬᠠᠷᠠᠩᠭᠤᠢ ᠶᠤᠮ ᠪᠣᠢ ?ᠲᠡᠭᠡᠭᠰᠡᠨ ᠴᠦ᠍ ᠭᠡᠰᠡᠨ ᠥᠨᠥᠳᠥᠷ ᠬᠢᠬᠦ ᠬᠡᠷᠡᠭᠲᠡᠢ ᠪᠣᠯᠬᠣᠷ ᠶᠠᠭᠠᠬᠢᠬᠤ ᠴᠦ᠍ ᠠᠷᠭ᠎ᠠ ᠦᠭᠡᠢ 
— —ᠰᠥᠨᠢ ᠬᠠᠷᠠᠩᠭᠤᠢ ᠪᠣᠯᠤᠭᠰᠠᠨ ᠴᠦ᠍ ᠯᠥᠤᠫᠢ ᠮᠠᠨᠢ ᠳᠠᠪᠤᠰᠤ ᠠᠪᠬᠤ ᠪᠠᠷ ᠭᠡᠷ ᠡᠴᠡ ᠭᠠᠷᠤᠯ᠎ᠠ 
ᠫᠣᠷᠣᠷᠣ᠋᠄ᠡᠢᠮᠦ ᠣᠷᠣᠢ ᠠᠯᠠᠭ᠎ᠠ ᠪᠣᠯᠤᠭᠰᠠᠨ ᠲᠣᠭᠯᠠᠭᠠᠮ ᠬᠠᠢᠯᠭᠠᠭᠠᠳ᠂ᠠ᠋ ? ᠺᠷᠤᠨ᠂ ᠣᠯᠤᠭᠰᠠᠨ ᠤᠤ ?ᠠ᠋᠂ ᠪᠢ ᠪᠠᠭᠤᠯ᠎ᠠ᠃ᠬᠠᠮᠢᠭ᠎ᠠ ᠠ᠋ᠴᠠ ᠣᠯᠬᠤ ᠤᠤ ?ᠦ ? ᠡᠨᠡ ᠶᠠᠭᠤ ᠪᠣᠢ ?ᠡᠨᠳᠡ ᠪᠠᠢᠵᠠᠢ 
ᠺᠷᠤᠨ᠄ᠺᠤᠷᠠ ᠁ ᠠ 
ᠫᠣᠷᠣᠷᠣ᠋᠄ᠺᠷᠤᠨ 
ᠺᠷᠤᠨ᠄ᠺᠤᠷᠠ᠁ᠠ ᠁ 
ᠫᠣᠷᠣᠷᠣ᠋᠄ᠡᠩ᠂ ᠲᠣᠭᠯᠠᠭᠠᠮ ᠤ᠋ᠨ ᠮᠠᠰᠢᠨ ᠢ᠋ᠶ᠋ᠠᠨ ᠣᠯᠤᠭᠰᠠᠨ 
ᠺᠷᠤᠨ᠄ᠺᠤᠷᠠ ᠺᠤᠷᠠ 
ᠫᠣᠷᠣᠷᠣ᠋᠄ᠠ᠋᠂ ᠶᠠᠭᠠᠬᠢᠭᠰᠠᠨ ᠪᠣᠢ? ᠺᠷᠤᠨ 
ᠺᠷᠤᠨ᠄ᠠ᠋ ?ᠺᠤᠷᠠ 
ᠫᠣᠷᠣᠷᠣ᠋᠄ᠲᠡᠷᠡ ? 
ᠯᠥᠤᠫᠢ᠄ᠡᠩ᠂ ᠥᠨᠥᠳᠥᠷ ᠴᠢᠨᠢ ᠶᠠᠮᠠᠷ ᠬᠦᠴᠦᠲᠡᠢ ᠰᠢᠭᠤᠷᠴᠤ ᠪᠠᠢᠬᠤ ᠪᠣᠢ ? 
ᠫᠣᠷᠣᠷᠣ᠋᠄ᠴᠢᠳᠬᠥᠷ ᠪᠢᠳᠡᠨ ᠤᠷᠤᠭᠤ ᠢᠷᠡᠵᠦ ᠪᠠᠢᠨ᠎ᠠ 
— —ᠫᠤᠷᠤᠷᠤ᠋ ᠺᠷᠤᠨ ᠬᠣᠶᠠᠷ ᠬᠠᠷᠠᠩᠭᠤᠢ ᠳ᠋ᠤ᠌ ᠯᠥᠤᠫᠢ ᠶ᠋ᠢ ᠴᠢᠳᠬᠥᠷ ᠭᠡᠵᠦ ᠪᠣᠳᠣᠵᠠᠢ 
ᠫᠣᠷᠣᠷᠣ᠋᠄ᠲᠡᠭᠡᠪᠡᠯ ᠁ 
ᠫᠣᠷᠣᠷᠣ᠋᠂ᠺᠷᠤᠨ᠄ᠸᠠ ᠁ ᠠ ᠠ ᠠ ᠁ 
ᠯᠥᠤᠫᠢ᠄ᠶᠠᠭᠠᠬᠢᠨ᠎ᠠ ? ᠴᠢᠳᠬᠥᠷ ᠴᠢᠳᠬᠥᠷ᠂ᠠ ᠁ 
ᠫᠣᠷᠣᠷᠣ᠋᠄ᠴᠢᠳᠬᠥᠷ ᠶᠠᠪᠤᠭᠰᠠᠨ ᠶᠤᠮ ᠰᠢᠭ᠋ ᠪᠠᠢᠨ᠎ᠠ᠂ᠬᠤᠷᠳᠤᠨ ᠭᠡᠷ ᠲᠡᠭᠡᠨ ᠬᠠᠷᠢᠵᠠᠭᠠᠶ᠎ᠠ 
ᠺᠷᠤᠨ᠄ᠺᠤᠷᠠ 
ᠫᠣᠷᠣᠷᠣ᠋᠄ᠦ ? ᠲᠡᠷᠡ ᠶᠠᠭᠤ ᠪᠣᠢ ?ᠡᠨᠡ ᠴᠢᠨᠢ ? 
ᠣᠯᠠᠨ᠄ᠬᠢ ᠬᠢ ᠁ ᠬᠠ ᠬᠠ ᠬᠠ 
ᠫᠣᠷᠣᠷᠣ᠋᠄ᠶᠠᠭᠤᠨ ᠴᠢᠮᠡᠭᠡ ᠪᠣᠢ ? ᠣᠯᠠᠨ᠄ᠬᠡ ᠬᠡ ᠁ ᠬᠠ 
ᠫᠣᠷᠣᠷᠣ᠋᠄ᠶᠠᠭᠠᠬᠢᠨ᠎ᠠ ᠴᠢᠳᠬᠥᠷ᠂ᠠ ᠁ 
ᠣᠯᠠᠨ᠄ᠠ᠋ ᠠ᠋ ᠁ ᠬᠠ ᠬᠠ ᠬᠠ᠂ᠦ ᠦ᠋ ᠁ ᠠ ᠬᠠ ᠬᠠ 
ᠫᠤᠪᠢ᠄ᠭᠡᠬᠦ ᠳ᠋ᠡᠭᠡᠨ ᠬᠡᠨ ᠴᠦ᠍ ᠪᠠᠢᠬᠤ ᠦᠭᠡᠢ ᠪᠠᠢᠨ᠎ᠠ ᠰᠢᠳᠡ 
ᠯᠥᠤᠫᠢ᠄ᠭᠠᠷᠴᠠᠭ᠎ᠠ ᠦᠭᠡᠢ ᠲᠡᠷᠡ ᠳᠡᠭᠡᠷ᠎ᠡ ᠁ 
ᠡᠸᠳᠢ᠄ᠲᠡᠭᠡᠪᠡᠯ ᠪᠢᠳᠡ ᠨᠠᠷ ᠢ᠋ ᠬᠠᠷᠠᠭᠠᠳ ᠵᠢᠭᠤᠲᠠᠭᠰᠠᠨ ᠪᠠᠢᠬ᠎ᠠ ᠯᠠ ᠳᠠ᠂ᠶᠠᠮᠠᠷ ᠬᠦᠴᠦᠲᠡᠢ ᠰᠠᠯᠬᠢ ᠪᠣᠢ ? 
ᠯᠥᠤᠫᠢ᠄ᠶᠠᠭᠠᠬᠢᠨ᠎ᠠ?ᠲᠦᠷᠦᠭᠦᠨ ᠪᠠᠰᠠ ᠴᠢᠳᠬᠥᠷ ᠭᠠᠷᠴᠤ ᠢᠷᠡᠬᠦ ᠡᠴᠡ ᠡᠮᠦᠨ᠎ᠡ ᠢᠩᠭᠢᠭᠰᠡᠨ ᠶᠦᠮ 
ᠡᠸᠳᠢ᠄ᠦᠭᠡᠢ ᠪᠠᠢᠯᠭᠦᠢ ᠳᠡ 
ᠫᠣᠷᠣᠷᠣ᠋᠄ᠨᠠᠢᠵᠠ ᠨᠤᠭᠤᠳ ᠠ᠋ 
ᠫᠤᠪᠢ᠄ᠠ᠋ ᠁ 
ᠫᠣᠷᠣᠷᠣ᠋᠄ᠪᠢ ᠫᠤᠷᠤᠷᠤ᠋ ᠪᠠᠢᠨ᠎ᠠ᠂ᠴᠢᠳᠬᠥᠷ ᠭᠡᠵᠦ ᠪᠣᠳᠣᠭᠠᠳ ᠬᠡᠴᠢᠨᠡᠨ ᠠᠶᠤᠪᠠ᠃ᠢᠩᠭᠢᠬᠦ ᠳ᠋ᠦ᠍ ᠲᠠ ᠨᠠᠷ ᠡᠨᠳᠡ ᠶᠠᠭᠤ ᠬᠢᠵᠦ ᠪᠠᠢᠭ᠎ᠠ ᠶᠤᠮ ᠪᠣᠢ ? 
ᠫᠤᠪᠢ᠄ᠯᠥᠤᠫᠢ ᠪᠠᠰᠠ ᠡᠨᠳᠡ ᠴᠢᠳᠬᠥᠷ ᠬᠠᠷᠠᠭᠰᠠᠨ ᠭᠡᠳ 
ᠯᠥᠤᠫᠢ᠄ᠲᠡᠢᠮᠦ ᠠ᠋ ᠂ᠲᠦᠷᠦᠭᠦᠨ ᠲᠡᠷᠡ ᠳᠡᠭᠡᠷ᠎ᠡ ᠴᠢᠳᠬᠥᠷ ᠤᠷᠢᠯᠠᠭᠠᠳ ᠯᠠ ᠪᠠᠢᠭᠰᠠᠨ 
ᠫᠣᠷᠣᠷᠣ᠋᠄ᠠ᠋ ?ᠲᠦᠷᠦᠭᠦᠨ ᠪᠢᠳᠡ ᠬᠣᠶᠠᠷ ᠲᠡᠨᠳᠡ ᠪᠠᠢᠭᠰᠠᠨ ᠰᠢᠲᠠ᠂ᠪᠢᠳᠡ ᠬᠣᠶᠠᠷ ᠴᠢᠮ᠎ᠠ ᠶ᠋ᠢ ᠴᠢᠳᠬᠥᠷ ᠭᠡᠵᠦ ᠪᠣᠳᠣᠭᠠᠳ ᠬᠥᠭᠡᠭᠡᠭᠰᠡᠨ ᠨᠢ ᠲᠡᠷᠡ 
ᠯᠥᠤᠫᠢ᠄ᠶᠠᠭᠤ ? 
ᠡᠸᠳᠢ᠄ᠶᠠᠭᠤ ᠪᠣᠢ ? 
ᠫᠤᠪᠢ᠄ᠬᠡ ᠬᠡ᠂ ᠬᠣᠶᠠᠷ ᠪᠠᠶᠠᠨ ᠢ᠋ᠶ᠋ᠠᠨ ᠴᠢᠳᠬᠥᠷ ᠭᠡᠳ ᠪᠣᠳᠣᠭᠠᠳ ᠪᠠᠢᠭᠰᠠᠨ ᠪᠠᠢᠨ᠎ᠠ ᠰᠢᠦ ᠳᠡ᠂ᠬᠡ ᠬᠡ ᠁ 
ᠣᠯᠠᠨ᠄ᠬᠠ ᠬᠠ ᠬᠠ ᠁ 
— —ᠣᠷᠣᠢ ᠶ᠋ᠢᠨ ᠲᠣᠰᠬᠣᠨ ᠤ᠋ ᠴᠢᠳᠬᠥᠷ ᠦ᠋ᠨ ᠲᠡᠦᠬᠡ ᠡᠢᠨᠬᠦ ᠳᠠᠭᠤᠰᠴᠠᠢ᠃
ᠲᠡᠭᠦᠰᠬᠡᠯ ᠦ᠋ᠨ ᠳᠠᠭᠤᠤ 
    ᠯᠠ ᠯᠡ᠁ ᠯᠡ᠁ ᠺᠣᠷᠠ 
    ᠯᠠ ᠯᠡ᠁ ᠯᠡ᠁ ᠺᠣᠷᠠ 
    ᠯᠠ ᠯᠡ᠁ ᠯᠡ ᠯᠡ᠁ ᠯᠡ ᠺᠣᠷᠠ 
    ᠮᠥᠰᠥᠨ ᠦ᠌ ᠴᠠᠭᠠᠨ ᠪᠠᠭᠠᠪᠠᠭᠠᠢ ᠫᠤᠪᠢ 
    ᠵᠣᠬᠢᠶᠠᠨ ᠪᠦᠲᠦᠭᠡᠭᠴᠢ ᠦᠨᠡᠭᠡᠨ ᠦ᠌ ᠵᠤᠯᠵᠠᠭ᠎ᠠ ᠡᠳ᠋ᠳᠢ
    ᠰᠠᠢᠬᠠᠨ ᠰᠡᠳᠬᠢᠯᠳᠦ ᠮᠢᠨᠵᠢ ᠥᠬᠢᠨ ᠯᠥᠤᠫᠢ
    ᠳ᠋ᠢᠨᠰᠠᠪᠤᠤᠷ ᠤ᠋ᠨ ᠵᠤᠯᠵᠠᠭ᠎ᠠ ᠺᠷᠤᠨ 
    ᠰᠠᠬᠢᠯᠭ᠎ᠠ ᠦᠭᠡᠢ ᠪᠠᠨᠳᠢ ᠫᠣᠷᠣᠷᠣ᠋ 
    ᠪᠢᠳᠡ ᠪᠣᠯ ᠰᠠᠢᠨ ᠨᠠᠢᠵᠠ ᠨᠤᠭᠤᠳ 
    ᠵᠠᠷᠢᠮ ᠳ᠋ᠤ  ᠪᠠᠨ ᠮᠠᠭᠤᠳᠠᠯᠴᠠᠪᠠᠴᠤ ᠶᠡᠷᠦ ᠳ᠋ᠦ  ᠪᠠᠨ 
    ᠦᠷᠭᠦᠯᠵᠢ ᠪᠡᠶ᠎ᠡ ᠪᠡᠶ᠎ᠡ ᠪᠡᠨ ᠲᠤᠰᠠᠯᠠᠵᠤ 
    ᠦᠷᠭᠦᠯᠵᠢ ᠪᠡᠶ᠎ᠡ ᠪᠡᠶ᠎ᠡ ᠪᠡᠨ ᠤᠶ᠋ᠢᠯᠠᠭᠠᠳᠠᠭ 
    ᠪᠢᠳᠡ ᠰᠠᠢᠨ ᠨᠠᠢᠵᠠ ᠨᠤᠭᠤᠳ ᠪᠢᠯᠡ 
     ᠯᠡ ᠯᠡ ᠁  ᠯᠡ ᠺᠣᠷᠠ ᠺᠣᠷᠠ 

ᠦᠰᠦᠭ ᠠᠮᠢᠯᠠᠭᠤᠯᠤᠨ ᠬᠠᠲᠠᠭᠰᠠᠨ ᠨᠢ᠄ ᠪᠠᠶᠠᠨᠲᠠᠨ᠎ᠠ
ᠬᠢᠨᠠᠭᠰᠠᠨ ᠨᠢ᠄  ᠰᠠᠷᠠᠨᠲᠤᠶᠠᠭ᠎ᠠ᠂ ᠾᠥᠩ ᠸᠸᠢ