ᠫᠣᠷᠣᠷᠣ᠋ ᠨᠢᠭᠡᠳᠦᠭᠡᠷ ᠪᠦᠯᠦᠭ36 ᠠᠩᠭᠢ ПоророPororo
ᠪᠢᠴᠢᠬᠠᠨ ᠣᠴᠣᠩ ᠰᠢᠪᠠᠭᠤ ᠫᠣᠷᠣᠷᠣ᠋
ᠡᠬᠢᠯᠡᠯᠲᠡ ᠶ᠋ᠢᠨ ᠳᠠᠭᠤᠤ
ᠬᠥᠶᠢ ᠫᠣᠷᠣᠷᠣ᠋ ᠪᠠᠢᠨ᠎ᠠ
ᠲᠣᠭᠯᠠᠬᠤ ᠮᠠᠨᠢ ᠬᠠᠮᠤᠭ ᠤ᠋ᠨ ᠭᠣᠶᠣ
ᠨᠠᠢᠵᠠ ᠨᠤᠭᠤᠳ ᠠ᠋! ᠴᠤᠭᠯᠠᠭᠠᠷᠠᠢ
ᠴᠡᠩᠭᠡᠯᠳᠦᠵᠦ ᠬᠥᠭᠵᠢᠯᠳᠦᠨ ᠰᠠᠬᠢᠯᠭ᠎ᠠ ᠦᠭᠡᠢ ᠫᠣᠷᠣᠷᠣ᠋
ᠴᠠᠰᠤ ᠲᠠᠢ ᠣᠢ ᠳ᠋ᠤ᠌ ᠣᠷᠣᠭᠰᠠᠨ ᠪᠢᠳᠡ ᠨᠠᠷ
ᠪᠢᠴᠢᠬᠠᠨ ᠣᠴᠣᠩ ᠰᠢᠪᠠᠭᠤ ᠭᠠᠷᠴᠤ ᠢᠷᠡᠯ᠎ᠡ
ᠬᠡᠵᠢᠶᠡᠳᠡ ᠴᠦ᠍ ᠰᠣᠨᠢᠷᠬᠠᠯᠲᠠᠢ
ᠥᠨᠥᠳᠥᠷ ᠪᠠᠰᠠ ᠶᠠᠭᠤ ᠪᠣᠯᠬᠤ ᠪᠣᠯ ᠫᠣᠷᠣᠷᠣ᠋
ᠳᠠᠭᠤᠳᠠᠭᠠᠷᠠᠢ ᠫᠣᠷᠣᠷᠣ᠋ ᠫᠣᠷᠣᠷᠣ᠋ ᠫᠣᠷᠣᠷᠣ᠋
ᠫᠤᠷᠤ ᠫᠤᠷᠤ ᠫᠤᠷᠤ ᠫᠤᠷᠤ ᠫᠣᠷᠣᠷᠣ᠋
ᠲᠣᠭᠯᠠᠬᠤ ᠮᠠᠨᠢ ᠬᠠᠮᠤᠭ ᠤ᠋ᠨ ᠭᠣᠶᠣ
ᠨᠠᠢᠵᠠ ᠨᠤᠭᠤᠳ ᠠ᠋! ᠴᠤᠭᠯᠠᠭᠠᠷᠠᠢ
ᠴᠡᠩᠭᠡᠯᠳᠦᠵᠦ ᠬᠥᠭᠵᠢᠯᠳᠦᠨ ᠫᠤᠷᠤ ᠫᠤᠷᠤ ᠫᠤᠷᠤ ᠫᠤᠷᠤ ᠫᠣᠷᠣᠷᠣ᠋
ᠫᠤᠫᠺᠤᠷᠠ ᠬᠢᠭᠰᠡᠨ ᠨᠢ
ᠯᠥᠤᠫᠢ᠄ᠯᠠ ᠯᠠ ᠯᠠ ᠯᠠ ᠁ ᠯᠠ ᠯᠠ
— —ᠬᠣᠭᠣᠯᠠ ᠬᠢᠬᠦ ᠳᠤᠷᠠᠲᠠᠢ ᠯᠥᠤᠫᠢ ᠮᠠᠨᠢ ᠥᠨᠥᠳᠥᠷ ᠴᠦ᠍ ᠭᠡᠰᠡᠨ ᠬᠣᠭᠣᠯᠠᠨ ᠤ᠋ ᠨᠣᠮ ᠦᠵᠡᠵᠦ ᠪᠠᠢᠨ᠎ᠠ
ᠯᠥᠤᠫᠢ᠄ᠠ᠂ ᠠᠮᠲᠠᠯᠢᠭ ᠫᠤᠫᠺᠤᠷᠠ ᠭᠡᠨ᠎ᠡ ᠤᠤ?ᠡᠩ ᠬᠢ᠂ ᠨᠠᠢᠵᠠ ᠨᠤᠭᠤᠳ ᠲᠤ᠌ ᠲᠠᠭᠠᠯᠠᠭᠳᠠᠬᠤ ᠪᠠᠢᠬ᠎ᠠ᠂ᠪᠣᠯᠵᠤ ᠪᠠᠢᠨ᠎ᠠ᠃ᠡᠩ ᠬᠡ ᠁ᠬᠠᠭᠠᠷᠢᠭᠤᠯ ᠤ᠋ᠨ ᠲᠠᠪᠠᠭ᠂ ᠡᠷᠳᠡᠨᠢ ᠰᠢᠰᠢ᠂ ᠮᠠᠰᠠᠯ᠂ᠡᠩ ᠬᠡ᠂ ᠢᠩᠭᠢᠭᠡᠳ ᠪᠡᠯᠡᠳᠬᠡᠯ ᠠᠵᠢᠯ ᠳᠠᠭᠤᠰᠤᠯ᠎ᠠ
ᠫᠣᠷᠣᠷᠣ᠋᠄ᠣᠢ ᠶ᠋ᠢᠨ ᠲᠣᠰᠬᠣᠨ ᠤ᠋ ᠬᠠᠮᠤᠭ ᠤ᠋ᠨ ᠡᠭᠳᠡᠭᠦᠦ ᠲᠡᠢ ᠨᠢ ᠫᠤᠷᠤᠷᠤ᠋᠂ᠣᠢ ᠶ᠋ᠢᠨ ᠲᠣᠰᠬᠣᠨ ᠤ᠋ ᠬᠠᠮᠤᠭ ᠤ᠋ᠨ ᠰᠠᠬᠢᠯᠭ᠎ᠠ ᠦᠭᠡᠢ ᠨᠢ ᠫᠤᠷᠤᠷᠤ᠋
ᠺᠷᠤᠨ᠄ᠺᠷᠤᠷᠡᠢ
ᠫᠣᠷᠣᠷᠣ᠋᠄ᠫᠤᠷᠤᠷᠤ᠋᠂ ᠶᠠᠭᠤᠨ ᠦᠨᠦᠷ ᠪᠣᠢ ?ᠯᠥᠤᠫᠢ ᠶ᠋ᠢᠨ ᠭᠡᠷ ᠡᠴᠡ ᠪᠠᠢᠨ᠎ᠠ
ᠺᠷᠤᠨ᠄ᠺᠤᠷᠠ
ᠫᠣᠷᠣᠷᠣ᠋᠄ᠣᠴᠢᠵᠤ ᠦᠵᠡᠶ᠎ᠡ
ᠺᠷᠤᠨ᠄ᠺᠤᠷᠠ ᠺᠤᠷᠠ
ᠯᠥᠤᠫᠢ᠄ᠯᠠ ᠯᠠ ᠯᠠ ᠯᠠ ᠁ ᠯᠠ ᠯᠠ᠂ᠡᠩ ᠬᠡ᠂ ᠣᠳᠣ ᠶᠠᠪᠤᠵᠤ ᠨᠠᠢᠵᠠ ᠨᠤᠭᠤᠳ ᠢ᠋ᠶ᠋ᠠᠨ ᠳᠠᠭᠤᠳᠠᠨ᠎ᠠ᠃ᠦ ?
ᠫᠣᠷᠣᠷᠣ᠋᠂ᠺᠷᠤᠨ᠄ᠬᠢ ᠬᠢ ᠁ ᠺᠤᠷᠠ ᠺᠤᠷᠠ
ᠯᠥᠤᠫᠢ᠄ᠲᠠ ᠬᠣᠶᠠᠷ ?
ᠫᠣᠷᠣᠷᠣ᠋᠄ᠰᠠᠢᠨ ᠤᠤ?ᠪᠢᠳᠡ ᠬᠣᠶᠠᠷ ᠠᠯᠢ ᠬᠡᠳᠦᠢᠨ ᠦ᠌ ᠢᠷᠡᠴᠢᠬᠡᠭᠰᠡᠨ᠂ᠬᠢ ᠬᠢ ᠁
ᠯᠥᠤᠫᠢ᠄ᠪᠢ ᠡᠸᠳᠢ᠂ ᠫᠤᠪᠢ ᠬᠣᠶᠠᠷ ᠢ᠋ ᠳᠠᠭᠤᠳᠠᠭᠠᠳ ᠢᠷᠡᠶ᠎ᠡ᠂ᠲᠠ ᠬᠣᠶᠠᠷ ᠨᠠᠮ᠎ᠠ ᠶ᠋ᠢ ᠡᠷᠭᠢᠵᠦ ᠢᠷᠡᠲᠡᠯ᠎ᠡ ᠬᠦᠯᠢᠶᠡᠵᠦ ᠪᠠᠢᠭᠠᠷᠠᠢ!ᠣᠢᠯᠠᠭᠠᠭᠰᠠᠨ ᠤᠤ ?
ᠺᠷᠤᠨ᠂ᠫᠣᠷᠣᠷᠣ᠋᠄ᠺᠤᠷᠠ ᠁ ᠵᠠ
ᠯᠥᠤᠫᠢ᠄ᠵᠠ᠂ ᠶᠠᠪᠤᠴᠢᠬᠠᠭᠠᠳ ᠢᠷᠡᠶ᠎ᠡ
ᠫᠣᠷᠣᠷᠣ᠋᠄ᠶᠠᠪᠤᠴᠢᠬᠠᠭᠠᠳ ᠢᠷ᠎ᠡ
ᠯᠥᠤᠫᠢ᠄ᠨᠡᠭᠡᠷᠡᠨ ᠁
ᠫᠣᠷᠣᠷᠣ᠋᠄ᠦ ?
ᠯᠥᠤᠫᠢ᠄ᠲᠠ ᠬᠣᠶᠠᠷ ᠨᠠᠮ᠎ᠠ ᠶ᠋ᠢ ᠡᠷᠭᠢᠵᠦ ᠢᠷᠡᠲᠡᠯ᠎ᠡ ᠬᠠᠭᠠᠷᠢᠭᠤᠯ ᠤ᠋ᠨ ᠲᠠᠪᠠᠭ ᠤ᠋ᠨ ᠲᠠᠭ ᠢ᠋ ᠠᠪᠴᠤ ᠶᠠᠭᠠᠬᠢᠭᠰᠠᠨ ᠴᠦ᠍ ᠪᠣᠯᠬᠤ ᠦᠭᠡᠢ ᠰᠢᠦ
ᠫᠣᠷᠣᠷᠣ᠋᠄ᠮᠡᠳᠡᠭᠡᠵᠢ
ᠺᠷᠤᠨ᠄ ᠺᠤᠷᠠ
ᠯᠥᠤᠫᠢ᠄ᠬᠤᠷᠳᠤᠬᠠᠨ ᠶᠠᠪᠤᠴᠢᠬᠠᠭᠠᠳ ᠢᠷᠡᠶ᠎ᠡ
ᠺᠷᠤᠨ᠄ᠺᠤᠷᠠ ᠺᠤᠷᠠ
ᠫᠣᠷᠣᠷᠣ᠋᠄ᠪᠣᠯᠬᠤ ᠦᠭᠡᠢ ᠺᠷᠤᠨ᠂ᠯᠥᠤᠫᠢ ᠲᠠᠭ ᠢ᠋ ᠨᠢ ᠠᠪᠴᠤ ᠪᠣᠯᠬᠤ ᠦᠭᠡᠢ ᠭᠡᠰᠡᠨ ᠰᠢᠦ ᠳᠡ᠃ᠠ᠋ ? ᠶᠠᠭᠤ ᠳᠤᠤᠭᠠᠷᠪᠠ?ᠬᠠᠴᠢᠨ ᠶᠤᠮ ᠠ᠋᠂ᠶᠠᠭᠠᠬᠢᠯᠲᠠ ᠴᠦ᠍ ᠦᠭᠡᠢ ᠶᠠᠭᠤᠮ᠎ᠠ ᠳᠤᠤᠭᠠᠷᠤᠭᠰᠠᠨ ᠳᠠ᠃ᠠ᠋᠂ ᠬᠠᠭᠠᠷᠢᠭᠤᠯ ᠤ᠋ᠨ ᠲᠠᠪᠠᠭ ᠪᠠᠢᠨ᠎ᠠ᠂ᠣᠳᠣ ᠶᠠᠭᠠᠬᠢᠬᠤ ᠪᠣᠢ ? ᠶᠠᠭᠠᠬᠢᠨ᠎ᠠ ?ᠪᠠᠳᠠᠷᠠᠭᠰᠠᠨ ᠶᠤᠮ ᠠ᠋ ᠺᠷᠤᠨ᠂ᠦ᠂ ᠪᠣ᠊ ᠁ ᠪᠣᠯᠬᠤ ᠦᠭᠡᠢ ᠶᠦᠮ ᠪᠠᠢᠨ᠎ᠠ᠃ᠠ᠋᠂ ᠵᠦᠭᠡᠷ ᠪᠣᠯᠴᠢᠬᠠᠯ᠎ᠠ᠂ᠠ᠋ ᠠ᠋ ᠁ᠠᠮᠲᠠᠲᠠᠢ ᠪᠠᠢᠨ᠎ᠠ ᠠ᠋
ᠺᠷᠤᠨ᠄ᠺᠤᠷᠠ ᠺᠤᠷᠠ
ᠡᠸᠳᠢ᠄ᠢᠩᠭᠢᠬᠦ ᠳ᠋ᠦ᠍ ᠯᠥᠤᠫᠢ ᠠᠮᠲᠠᠲᠠᠢ ᠶᠠᠭᠤᠮ᠎ᠠ ᠬᠢᠭᠰᠡᠨ ᠭᠡᠳ ᠪᠠᠢᠭᠰᠠᠨ ᠶᠠᠭᠤ ᠶᠤᠮ ?
ᠯᠥᠤᠫᠢ᠄ᠣᠴᠢᠭᠠᠳ ᠬᠠᠷᠠᠭᠠᠷᠠᠢ᠂ᠣᠳᠣ ᠪᠠᠷᠤᠭ ᠪᠣᠯᠤᠭᠰᠠᠨ ᠪᠠᠢᠭ᠎ᠠ
ᠫᠣᠷᠣᠷᠣ᠋᠄ᠨᠡᠭᠡᠷᠡᠨ᠂ ᠯᠥᠤᠫᠢ ᠢᠷᠡᠵᠦ ᠶᠠᠪᠤᠭ᠎ᠠ ᠰᠢᠲᠠ
ᠯᠥᠤᠫᠢ᠄ᠫᠤᠷᠤᠷᠤ᠋᠂ ᠺᠷᠤᠨ᠂ ᠲᠠᠭ ᠢ᠋ ᠨᠢ ᠠᠪᠴᠤ ᠪᠣᠯᠬᠤ ᠦᠭᠡᠢ ᠭᠡᠵᠦ ᠬᠡᠯᠡᠭᠰᠡᠨ ᠪᠠᠢᠬ᠎ᠠ
ᠫᠣᠷᠣᠷᠣ᠋᠄ᠠ᠂ ᠯᠥᠤᠫᠢ᠂ᠠ ᠁
ᠺᠷᠤᠨ᠄ᠺᠤᠷᠠ
ᠫᠣᠷᠣᠷᠣ᠋᠄ᠦ ?
ᠯᠥᠤᠫᠢ᠄ᠲᠡᠢᠮᠦ ᠪᠣᠯᠬᠣᠷ ᠯᠠ ᠲᠠᠭ ᠢ᠋ ᠨᠢ ᠠᠪᠴᠤ ᠪᠣᠯᠬᠤ ᠦᠭᠡᠢ ᠭᠡᠵᠦ ᠬᠡᠯᠡᠭᠰᠡᠨ᠂ᠲᠠᠭ ᠢ᠋ ᠨᠢ ᠲᠠᠭᠯᠠᠬᠤ ᠦᠭᠡᠢ ᠪᠣᠯ ᠫᠤᠫᠺᠤᠷᠠ ᠲᠡᠰᠦᠷᠡᠭᠡᠳ ᠳᠠᠭᠤᠰᠴᠢᠬᠠᠳᠠᠭ ᠶᠤᠮ
ᠫᠣᠷᠣᠷᠣ᠋᠄ᠦ᠂ᠬᠠᠴᠢᠨ ᠴᠢᠮᠡᠭᠡ ᠭᠠᠷᠤᠭᠠᠳ ᠪᠠᠢᠬᠤ ᠪᠠᠷ ᠨᠢ
ᠯᠥᠤᠫᠢ᠄ᠣᠳᠣ ᠶᠠᠭᠠᠬᠢᠶ᠎ᠠ ᠭᠡᠬᠦᠪ᠂ᠲᠦᠷ ᠬᠦᠯᠢᠶᠡᠵᠦ ᠪᠠᠢᠭᠠᠷᠠᠢ᠂ ᠶᠧᠯᠸᠢ ᠦᠵᠡᠭᠦᠯᠦᠶ᠎ᠡ
ᠣᠯᠠᠨ᠄ᠣᠢᠯᠠᠭᠠᠯ᠎ᠠ
ᠺᠷᠤᠨ᠄ᠺᠤᠷᠠ ᠺᠤᠷᠠ
ᠡᠸᠳᠢ᠄ᠫᠤᠷᠤᠷᠤ᠋ ᠶᠠᠮᠠᠷ ᠠᠮᠲᠠᠲᠠᠢ ᠪᠠᠢᠭᠰᠠᠨ ?
ᠫᠣᠷᠣᠷᠣ᠋᠄ᠶᠣᠰᠣᠲᠠᠢ ᠠᠮᠲᠠᠲᠠᠢ ᠪᠠᠢᠭᠰᠠᠨ
ᠫᠤᠪᠢ᠄ᠬᠤᠷᠳᠤᠨ ᠢᠳᠡᠬᠦ ᠶᠤᠮᠰᠠᠨ
ᠯᠥᠤᠫᠢ᠄ᠵᠠ᠂ ᠪᠣᠯᠴᠢᠬᠠᠯ᠎ᠠ
ᠣᠯᠠᠨ᠄ᠠ ᠁ ᠺᠤᠷᠠ᠂ᠬᠥᠥᠭ ᠁
ᠫᠤᠪᠢ᠄ᠨᠡᠭᠡᠷᠡᠨ ᠠᠮᠲᠠᠲᠠᠢ ᠪᠠᠢᠨ᠎ᠠ ᠰᠢᠦ
ᠡᠸᠳᠢ᠄ᠸᠠ ᠴᠠᠰᠤ ᠰᠢᠭ᠋ ᠯᠡ ᠬᠠᠷᠠᠭᠳᠠᠵᠤ ᠪᠠᠢᠨ᠎ᠠ
ᠯᠥᠤᠫᠢ᠄ᠪᠢ ᠤᠤᠭᠤᠬᠤ ᠶᠠᠭᠤᠮ᠎ᠠ ᠠᠪᠤᠭᠠᠳ ᠢᠷᠡᠶ᠎ᠡ
ᠫᠣᠷᠣᠷᠣ᠋᠄ᠨᠥᠭᠦᠭᠡ ?ᠯᠥᠤᠫᠢ
ᠯᠥᠤᠫᠢ᠄ᠶᠠᠭᠠᠬᠢᠭᠰᠠᠨ ?
ᠫᠣᠷᠣᠷᠣ᠋᠄ᠪᠢᠳᠡ ᠬᠣᠶᠠᠷ ᠳᠠᠬᠢᠭᠠᠳ ᠢᠳᠡᠵᠦ ᠪᠣᠯᠬᠤ ᠤᠤ ?
ᠺᠷᠤᠨ᠄ᠺᠤᠷᠠ
ᠯᠥᠤᠫᠢ᠄ᠬᠠᠷᠢᠨ ᠠ᠋᠂ ᠨᠢᠭᠡ ᠵᠦᠢᠯ ᠢ᠋ ᠠᠮᠠᠯᠠ
ᠫᠣᠷᠣᠷᠣ᠋᠄ᠶᠠᠭᠤ ᠶᠤᠮ ?
ᠯᠥᠤᠫᠢ᠄ᠳᠠᠬᠢᠵᠤ ᠲᠠᠭ ᠨᠡᠭᠡᠭᠡᠬᠦ ᠦᠭᠡᠢ ᠭᠡᠵᠦ ᠠᠮᠠᠯᠠ
ᠫᠣᠷᠣᠷᠣ᠋᠄ᠠᠮᠠᠯᠠᠵᠤ ᠪᠠᠢᠨ᠎ᠠ᠂ ᠠᠮᠠᠯᠠᠵᠤ ᠪᠠᠢᠨ᠎ᠠ
ᠣᠯᠠᠨ᠄ᠬᠠ ᠬᠠ ᠁
ᠫᠣᠷᠣᠷᠣ᠋᠄ᠯᠥᠤᠫᠢ ᠮᠠᠨᠳᠤᠲᠤᠭᠠᠢ
ᠣᠯᠠᠨ᠄ᠬᠢ ᠬᠢ ᠁
— —ᠵᠢᠭᠠᠬᠠᠨ ᠠᠰᠠᠭᠤᠳᠠᠯ ᠭᠠᠷᠤᠭᠰᠠᠨ ᠴᠦ᠍ ᠫᠤᠫᠺᠤᠷᠤᠨ ᠢ᠋ ᠨᠢ ᠠᠮᠲᠠᠷᠬᠠᠨ ᠢᠳᠡᠵᠦ ᠪᠠᠢᠭ᠎ᠠ ᠨᠠᠢᠵᠠ ᠨᠤᠭᠤᠳ ᠢ᠋ᠶ᠋ᠠᠨ ᠬᠠᠷᠠᠭᠠᠳ ᠯᠥᠤᠫᠢ ᠦᠨᠡᠬᠡᠷ ᠯᠡ ᠵᠢᠷᠭᠠᠯ ᠲᠠᠢ ᠪᠠᠢᠪᠠ᠃
ᠲᠡᠭᠦᠰᠬᠡᠯ ᠦ᠋ᠨ ᠳᠠᠭᠤᠤ
ᠯᠠ ᠯᠡ᠁ ᠯᠡ᠁ ᠺᠣᠷᠠ
ᠯᠠ ᠯᠡ᠁ ᠯᠡ᠁ ᠺᠣᠷᠠ
ᠯᠠ ᠯᠡ᠁ ᠯᠡ ᠯᠡ᠁ ᠯᠡ ᠺᠣᠷᠠ
ᠮᠥᠰᠥᠨ ᠦ᠌ ᠴᠠᠭᠠᠨ ᠪᠠᠭᠠᠪᠠᠭᠠᠢ ᠫᠤᠪᠢ
ᠵᠣᠬᠢᠶᠠᠨ ᠪᠦᠲᠦᠭᠡᠭᠴᠢ ᠦᠨᠡᠭᠡᠨ ᠦ᠌ ᠵᠤᠯᠵᠠᠭ᠎ᠠ ᠡᠳ᠋ᠳᠢ
ᠰᠠᠢᠬᠠᠨ ᠰᠡᠳᠬᠢᠯᠳᠦ ᠮᠢᠨᠵᠢ ᠥᠬᠢᠨ ᠯᠥᠤᠫᠢ
ᠳ᠋ᠢᠨᠰᠠᠪᠤᠤᠷ ᠤ᠋ᠨ ᠵᠤᠯᠵᠠᠭ᠎ᠠ ᠺᠷᠤᠨ
ᠰᠠᠬᠢᠯᠭ᠎ᠠ ᠦᠭᠡᠢ ᠪᠠᠨᠳᠢ ᠫᠣᠷᠣᠷᠣ᠋
ᠪᠢᠳᠡ ᠪᠣᠯ ᠰᠠᠢᠨ ᠨᠠᠢᠵᠠ ᠨᠤᠭᠤᠳ
ᠵᠠᠷᠢᠮ ᠳ᠋ᠤ ᠪᠠᠨ ᠮᠠᠭᠤᠳᠠᠯᠴᠠᠪᠠᠴᠤ ᠶᠡᠷᠦ ᠳ᠋ᠦ ᠪᠠᠨ
ᠦᠷᠭᠦᠯᠵᠢ ᠪᠡᠶ᠎ᠡ ᠪᠡᠶ᠎ᠡ ᠪᠡᠨ ᠲᠤᠰᠠᠯᠠᠵᠤ
ᠦᠷᠭᠦᠯᠵᠢ ᠪᠡᠶ᠎ᠡ ᠪᠡᠶ᠎ᠡ ᠪᠡᠨ ᠤᠶ᠋ᠢᠯᠠᠭᠠᠳᠠᠭ
ᠪᠢᠳᠡ ᠰᠠᠢᠨ ᠨᠠᠢᠵᠠ ᠨᠤᠭᠤᠳ ᠪᠢᠯᠡ
ᠯᠡ ᠯᠡ ᠁ ᠯᠡ ᠺᠣᠷᠠ ᠺᠣᠷᠠ
ᠦᠰᠦᠭ ᠠᠮᠢᠯᠠᠭᠤᠯᠤᠨ ᠬᠠᠲᠠᠭᠰᠠᠨ ᠨᠢ᠄ ᠪᠠᠶᠠᠨᠲᠠᠨ᠎ᠠ
ᠬᠢᠨᠠᠭᠰᠠᠨ ᠨᠢ᠄ ᠮᠥᠴᠢᠷ
