ᠳᠠᠭᠤᠤ ᠮᠢᠨᠢ ᠳᠠᠭᠤᠤ ᠮᠢᠨᠢ-ᠵᠢᠷᠦᠬᠡᠨ ᠳ᠋ᠤ᠌ ᠮᠥᠩᠬᠡᠷᠡᠭᠰᠡᠨ ᠠᠶᠠᠯᠭᠤЗүрхэнд мөнхөрсөн аялгуу - Дуу минь ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠠᠭᠤᠤ ᠮᠢᠨᠢ ᠳᠠᠭᠤᠤ ᠮᠢᠨᠢ-ᠵᠢᠷᠦᠬᠡᠨ ᠳ᠋ᠤ᠌ ᠮᠥᠩᠬᠡᠷᠡᠭᠰᠡᠨ ᠠᠶᠠᠯᠭᠤЗүрхэнд мөнхөрсөн аялгуу - Дуу минь

ᠳᠠᠭᠤᠤ ᠮᠢᠨᠢ ᠳᠠᠭᠤᠤ ᠮᠢᠨᠢ-ᠵᠢᠷᠦᠬᠡᠨ ᠳ᠋ᠤ᠌ ᠮᠥᠩᠬᠡᠷᠡᠭᠰᠡᠨ ᠠᠶᠠᠯᠭᠤЗүрхэнд мөнхөрсөн аялгуу - Дуу минь

ᠠᠩᠭᠢᠯᠠᠯ:ᠳᠠᠭᠤᠤ ᠬᠥᠭᠵᠢᠮ
2025-01-13

1460

ᠳᠠᠭᠤᠤ ᠮᠢᠨᠢ ᠳᠠᠭᠤᠤ ᠮᠢᠨᠢ

   ᠦᠭᠡ᠄ ᠪ᠂ ᠶᠠᠪᠤᠭᠤᠬᠤᠯᠠᠩ ( ᠮᠣᠩᠭᠣᠯ) 
   ᠠᠶ᠎ᠠ᠄ ᠳ· ᠪᠠᠲᠤᠲᠡᠮᠦᠷ ( ᠮᠣᠩᠭᠣᠯ) 
   ᠳᠠᠭᠤᠴᠢᠨ᠄ ᠴ᠂ᠴᠢᠯᠠᠭᠤᠨᠴᠡᠴᠡᠭ᠂ ᠴ·ᠣᠳᠬᠣᠨᠴᠡᠴᠡᠭ᠂ ᠲᠤᠶᠠᠭᠠᠴᠡᠴᠡᠭ 

ᠳᠠᠭᠤᠤ ᠮᠢᠨᠢ ᠳᠠᠭᠤᠤ ᠮᠢᠨᠢ ᠳᠤᠷᠠᠲᠠᠶ᠋ᠢᠬᠠᠨ ᠳᠠᠭᠤᠤ ᠮᠢᠨᠢ 
ᠳᠠᠭᠤᠯᠠᠮ᠎ᠠ ᠲᠠᠯ᠎ᠠ ᠶ᠋ᠢᠨ ᠮᠢᠨᠢ ᠤᠶᠠᠩᠭᠠᠲᠠᠶ᠋ᠢᠬᠠᠨ ᠳᠠᠭᠤᠤ ᠮᠢᠨᠢ 
ᠡᠴᠢᠭᠡ ᠶ᠋ᠢᠨ ᠢ᠋ᠶ᠋ᠡᠨ ᠭᠡᠷ ᠲᠦ᠍ ᠡᠭᠡᠰᠢᠭᠯᠡᠭᠦᠯᠬᠦ ᠶ᠋ᠢ ᠨᠢ ᠰᠣᠨᠣᠰᠤᠯ᠎ᠠ ᠤᠤ 
ᠡᠮᠨᠢᠭᠬᠡᠨ ᠵᠠᠯᠠᠭᠤ ᠳ᠋ᠠᠭᠠᠨ ᠰᠡᠳᠬᠢᠯ ᠢ᠋ᠶ᠋ᠡᠨ ᠤᠶᠠᠷᠠᠭᠠᠯ᠎ᠠ ᠤᠤ 
ᠳᠠᠭᠤᠤ ᠮᠢᠨᠢ ᠳᠠᠭᠤᠤ ᠮᠢᠨᠢ ᠳᠤᠷᠠᠲᠠᠶ᠋ᠢᠬᠠᠨ ᠳᠠᠭᠤᠤ ᠮᠢᠨᠢ 
ᠠᠢ ᠳᠠ ᠳᠠᠭᠤᠤ ᠮᠢᠨᠢ ᠠᠳᠠᠲᠠᠢᠬᠠᠨ ᠳᠠᠭᠤᠤ ᠮᠢᠨᠢ 


ᠠᠭᠯᠠᠭ ᠲᠠᠯ᠎ᠠ ᠶ᠋ᠢᠨ ᠮᠢᠨᠢ ᠠᠶᠠᠯᠭᠤᠲᠠᠶ᠋ᠢᠬᠠᠨ ᠳᠠᠭᠤᠤ ᠮᠢᠨᠢ 
ᠠᠮᠠᠷᠠᠭᠬᠠᠨ ᠴᠢᠮ᠎ᠠ ᠳ᠋ᠠᠭᠠᠨ ᠠᠶᠠᠯᠤᠩᠬᠠᠨ ᠥᠭᠭᠦᠯ᠎ᠡ ᠤᠤ
ᠠᠯᠠᠭᠬᠠᠨ ᠵᠢᠷᠦᠬᠡ ᠪᠡᠨ ᠤᠶᠠᠷᠠᠩᠬᠠᠨ ᠳᠠᠭᠤᠯᠠᠯ᠎ᠠ ᠤᠤ
ᠠᠢ ᠠᠢ ᠳᠠ ᠳᠠᠭᠤᠤ ᠮᠢᠨᠢ ᠠᠳᠠᠲᠠᠢᠬᠠᠨ ᠳᠠᠭᠤᠤ ᠮᠢᠨᠢ
ᠳᠠᠭᠤᠤ ᠮᠢᠨᠢ ᠳᠠᠭᠤᠤ ᠮᠢᠨᠢ ᠳᠣᠷᠠᠲᠠᠢᠬᠠᠨ ᠳᠠᠭᠤᠤ ᠮᠢᠨᠢ
ᠳᠠᠭᠤᠯᠠᠮ᠎ᠠ ᠲᠠᠯ᠎ᠠ ᠶ᠋ᠢᠨ ᠮᠢᠨᠢ ᠤᠶᠠᠩᠭᠠᠲᠠᠶ᠋ᠢᠬᠠᠨ ᠳᠠᠭᠤᠤ ᠮᠢᠨᠢ

ᠬᠣᠶᠠᠭᠤᠯᠠ ᠪᠠᠨ ᠪᠣᠯᠤᠭᠠᠳ ᠬᠣᠣᠰᠯᠠᠩᠬᠠᠨ ᠳᠠᠭᠤᠯᠠᠯ᠎ᠠ ᠤᠤ 
ᠬᠣᠩᠭᠣᠷᠬᠠᠨ ᠨᠤᠲᠤᠭ ᠢ᠋ᠶ᠋ᠠᠨ ᠬᠠᠢᠷᠠᠯᠠᠩᠬᠠᠨ ᠳᠠᠭᠤᠯᠠᠯ᠎ᠠ ᠤᠤ
ᠳᠠᠭᠤᠤ ᠮᠢᠨᠢ ᠳᠠᠭᠤᠤ ᠮᠢᠨᠢ ᠳᠤᠷᠠᠲᠠᠶ᠋ᠢᠬᠠᠨ ᠳᠠᠭᠤᠤ ᠮᠢᠨᠢ
ᠠ᠋ ᠳᠠ ᠳᠠᠭᠤᠤ ᠮᠢᠨᠢ ᠢᠩᠬᠦᠷᠡᠶ᠋ᠢᠬᠡᠨ ᠳᠠᠭᠤᠤ ᠮᠢᠨᠢ


ᠡᠭᠡᠷᠡᠮ᠎ᠡ ᠲᠠᠯ᠎ᠠ ᠶ᠋ᠢᠨ ᠮᠢᠨᠢ ᠡᠩᠬᠦᠷᠡᠶ᠋ᠢᠬᠡᠨ ᠳᠠᠭᠤᠤ ᠮᠢᠨᠢ
ᠡᠬᠡ ᠣᠷᠣᠨ ᠤ᠋ ᠮᠢᠨᠢ ᠤᠶᠠᠩᠭ᠎ᠠ ᠰᠠᠨ ᠪᠢᠯᠡ ᠤᠤ
ᠡᠴᠢᠭᠡ ᠶ᠋ᠢᠨ ᠮᠢᠨᠢ ᠬᠤᠭᠤᠷ ᠤ᠋ᠨ ᠡᠬᠡᠰᠡᠭ ᠰᠠᠨ ᠪᠢᠯᠡ ᠤᠤ
ᠠ᠋ ᠳᠠ ᠳᠠᠭᠤᠤ ᠮᠢᠨᠢ ᠡᠩᠬᠦᠷᠡᠶ᠋ᠢᠬᠡᠨ ᠳᠠᠭᠤᠤ ᠮᠢᠨᠢ
ᠳᠠᠭᠤᠤ ᠮᠢᠨᠢ ᠳᠠᠭᠤᠤ ᠮᠢᠨᠢ ᠲᠤᠷᠠᠲᠠᠶ᠋ᠢᠬᠠᠨ ᠳᠠᠭᠤᠤ ᠮᠢᠨᠢ

   ᠦᠰᠦᠭ ᠠᠮᠢᠯᠠᠭᠤᠯᠤᠭᠴᠢ᠄ ᠮᠢᠳᠤᠭᠮ᠎ᠠ
   ᠦᠰᠦᠭ ᠬᠠᠲᠠᠭᠴᠢ᠄ ᠵᠤᠯᠠ
   ᠬᠢᠨᠠᠭᠴᠢ᠄ ᠣᠳᠬᠠᠨᠰᠣ᠎ᠠ