ᠳᠠᠷᠬᠠᠳ ᠨᠡᠭᠦᠳᠡᠯДАРХАД НҮҮДЭЛ
ᠳᠠᠷᠬᠠᠳ ᠨᠡᠭᠦᠳᠡᠯ
ᠳᠠᠷᠬᠠᠳ ᠤ᠋ᠨ ᠴᠡᠩᠬᠡᠷ ᠬᠣᠲᠣᠭᠣᠷ ᠲᠤ᠌ ᠬᠦᠢᠲᠡᠨ ᠦ᠌ ᠡᠷᠴᠢ ᠴᠢᠩᠭᠠᠷᠠᠵᠤ᠂ ᠡᠳᠦᠷ ᠢᠷᠡᠬᠦ ᠲᠣᠰᠤᠮ ᠴᠠᠰᠤ ᠯᠠᠪᠰᠠᠨᠠ᠃ ᠬᠥᠪᠰᠥᠭᠥᠯ ᠠᠢᠮᠠᠭ ᠤ᠋ᠨ ᠷᠢᠨᠴᠢᠩᠯᠬᠦᠮᠪᠦ ᠰᠤᠮᠤ ᠶ᠋ᠢᠨ ᠮᠠᠯᠴᠢᠳ ᠬᠥᠯ ᠦᠭᠡᠢ ᠴᠠᠰᠤᠨ ᠠ᠋ᠴᠠ ᠤᠷᠢᠲᠤᠵᠤ᠂ ᠳᠠᠪᠠᠭ᠎ᠠ ᠬᠥᠪᠡᠭᠡ ᠬᠠᠭᠠᠭᠳᠠᠬᠤ ᠠ᠋ᠴᠠ ᠡᠮᠦᠨ᠎ᠡ ᠳᠤᠯᠠᠭᠠᠨ ᠡᠪᠦᠯᠵᠢᠶ᠎ᠡ ᠪᠡᠨ ᠵᠣᠷᠢᠬᠤ ᠪᠠᠷ ᠬᠠᠢᠨᠤᠭ ᠤ᠋ᠨ ᠢ᠋ᠶ᠋ᠠᠨ ᠨᠢᠷᠤᠭᠤᠨ ᠳ᠋ᠤ᠌ ᠬᠣᠭᠣᠯᠠ ᠬᠦᠨᠡᠰᠦ᠂ ᠭᠡᠷ ᠣᠷᠣᠨ ᠢ᠋ᠶ᠋ᠠᠨ ᠠᠴᠢᠶᠠᠯᠠᠵᠤ᠂ ᠮᠠᠯ ᠰᠦᠷᠦᠭ ᠢ᠋ᠶ᠋ᠡᠨ ᠲᠠᠭᠤᠭᠰᠠᠭᠠᠷ ᠶᠡᠬᠡ ᠨᠡᠭᠦᠳᠡᠯ ᠬᠥᠳᠡᠯᠦᠨ᠎ᠡ᠃
ᠨᠡᠭᠦᠳᠡᠯ ᠦ᠋ᠨ ᠵᠠᠮ ᠪᠠᠷᠲᠠᠭ᠎ᠠ ᠶᠡᠬᠡ ᠲᠡᠢ᠂ ᠡᠭᠴᠡ ᠴᠠᠪᠴᠢᠮ᠎ᠠ ᠰᠠᠷᠢᠳᠠᠭ ᠤ᠋ᠳ ᠢ᠋ᠶ᠋ᠠᠷ ᠬᠦᠷᠢᠶᠡᠯᠡᠭᠳᠡᠭᠰᠡᠨ᠃ ᠴᠠᠭ ᠠᠭᠠᠷ ᠤ᠋ᠨ ᠬᠦᠨᠳᠦ ᠨᠥᠬᠥᠴᠡᠯ ᠳ᠋ᠦ᠍ ᠬᠠᠲᠠᠭᠤ ᠪᠡᠷᠬᠡ ᠶ᠋ᠢ ᠲᠤᠭᠤᠯᠬᠤ ᠮᠠᠯᠴᠢᠳ ᠤ᠋ᠨ ᠲᠡᠰᠪᠦᠷᠢ ᠲᠡᠪᠴᠢᠶᠡᠷᠢ᠂ ᠮᠠᠯ ᠢ᠋ᠶ᠋ᠠᠨ ᠬᠠᠢᠷᠠᠯᠠᠬᠤ᠂ ᠮᠠᠯ ᠢ᠋ᠶ᠋ᠠᠨ ᠣᠨᠣᠯᠭ᠎ᠠ ᠡᠳ᠋ᠯᠡᠭᠡ ᠳ᠋ᠦ᠍ ᠡᠳ᠋ᠯᠡᠬᠦ ᠠᠷᠭ᠎ᠠ ᠤᠬᠠᠭᠠᠨ ᠤ᠋ ᠲᠤᠬᠠᠢ ᠥᠭᠦᠯᠡᠨ᠎ᠡ᠃ ᠳᠠᠷᠬᠠᠳ ᠲᠦᠮᠡᠨ ᠦ᠌ ᠨᠡᠭᠦᠳᠡᠯ ᠢ᠋ᠶ᠋ᠡᠨ ᠳᠠᠭᠠᠭᠰᠠᠨ ᠭᠠᠢᠬᠠᠮᠰᠢᠭᠲᠤ ᠰᠣᠶᠣᠯ ᠲᠠᠢ ᠲᠠᠨᠢᠯᠴᠠᠬᠤ ᠠ᠋ᠴᠠ ᠭᠠᠳᠠᠨ᠎ᠠ ᠨᠡᠭᠦᠳᠡᠯ ᠦ᠋ᠨ ᠡᠮᠦᠨᠡᠬᠢ ᠪᠡᠯᠡᠳᠬᠡᠯ᠂ ᠨᠡᠭᠦᠳᠡᠯ ᠦ᠋ᠨ ᠦᠶ᠎ᠡ ᠶ᠋ᠢᠨ ᠮᠠᠯ ᠮᠠᠯᠯᠠᠭ᠎ᠠ᠂ ᠨᠡᠭᠦᠳᠡᠯ ᠲᠡᠢ ᠬᠣᠯᠪᠣᠭᠳᠠᠭᠰᠠᠨ ᠡᠳ᠋ᠯᠡᠯ ᠬᠡᠷᠡᠭᠰᠡᠯ᠂ ᠰᠣᠶᠣᠯ ᠤ᠋ᠨ ᠴᠢᠬᠤᠯᠠ ᠵᠦᠢᠯᠡᠰ ᠢ᠋ ᠡᠨᠡᠬᠦ ᠪᠠᠷᠢᠮᠲᠠᠲᠤ ᠺᠢᠨᠣᠨ ᠳ᠋ᠤ᠌ ᠲᠤᠰᠬᠠᠭᠰᠠᠨ᠃
