ᠰᠡᠪᠰᠡᠭᠡᠷ ᠴᠢᠨᠤᠭᠠᠨ᠎ᠠСэвсгэр чоногоно ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠪᠰᠡᠭᠡᠷ ᠴᠢᠨᠤᠭᠠᠨ᠎ᠠСэвсгэр чоногоно

ᠰᠡᠪᠰᠡᠭᠡᠷ ᠴᠢᠨᠤᠭᠠᠨ᠎ᠠСэвсгэр чоногоно

2025-01-11

295

ᠰᠡᠪᠰᠡᠭᠡᠷ ᠴᠢᠨᠤᠭᠠᠨ᠎ᠠ

   ᠲᠤᠰ ᠡᠮ ᠪᠣᠯ ᠤᠳᠪᠠᠯᠠ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠰᠡᠪᠰᠡᠭᠡᠷ ᠴᠢᠨᠤᠭᠠᠨ᠎ᠠ ᠶ᠋ᠢᠨ ᠬᠠᠲᠠᠭᠠᠭᠰᠠᠨ ᠦᠨᠳᠦᠰᠦ ᠮᠥᠨ᠃  ᠪᠠᠰᠠ ᠮᠠᠨᠥ᠋ᠪᠥ᠋ᠰᠭ᠋ᠠᠷ᠂ ᠪᠥ᠋ᠰᠭ᠋ᠠᠷᠮᠥ᠋ᠯᠠ ᠭᠡᠳᠡᠭ᠃
   [ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠂ ᠰᠢᠯᠤᠭᠤᠨ ᠪᠥᠭᠡᠳ ᠲᠤᠷᠤᠭ ᠪᠦᠳᠦᠭᠦᠨ ᠦᠨᠳᠦᠰᠦ ᠲᠡᠢ᠃ ᠡᠰᠢ ᠨᠢ ᠮᠠᠰᠢ ᠣᠬᠣᠷ᠃ ᠨᠠᠪᠴᠢ ᠨᠢ ᠤᠵᠠᠭᠤᠷ ᠠ᠋ᠴᠠ ᠪᠠᠨ ᠤᠷᠭᠤᠨ᠎ᠠ᠃ ᠥᠨᠳᠡᠭᠡᠯᠵᠢᠨ ᠪᠤᠶᠤ ᠵᠤᠤᠪᠠᠩᠯᠢᠭ ᠬᠠᠪᠲᠠᠭᠠᠢ ᠲᠡᠪᠡᠨᠡ ᠬᠡᠯᠪᠡᠷᠢ ᠲᠡᠢ᠂ ᠨᠠᠷᠢᠨ ᠠᠷᠠᠭ᠎ᠠ ᠲᠠᠢ ᠪᠤᠶᠤ ᠤᠭ ᠤ᠋ᠨ ᠬᠡᠰᠡᠭ ᠲᠡᠭᠡᠨ ᠵᠢᠵᠢᠭ ᠰᠡᠵᠢᠭᠦᠷ ᠢᠯᠲᠠᠰᠤ ᠲᠠᠢ᠃ ᠬᠠᠶᠠ ᠢᠯᠡ ᠪᠤᠶᠤ ᠠᠷᠠᠭ᠎ᠠ ᠰᠢᠭ᠋ ᠭᠦᠢᠬᠡᠨ ᠣᠨᠢ ᠲᠠᠢ᠂ ᠬᠣᠶᠠᠷ ᠲᠠᠯ᠎ᠠ ᠳ᠋ᠤᠨᠢ ᠪᠦᠷ ᠵᠢᠵᠢᠭ ᠬᠡᠪᠲᠡᠭᠡ ᠰᠢᠷᠦᠭᠦᠨ ᠦᠰᠦ ᠲᠡᠢ᠂ ᠠᠷᠤ ᠳ᠋ᠤᠨᠢ ᠠᠭᠠᠯᠵᠢ ᠶ᠋ᠢᠨ ᠲᠣᠣᠷ ᠰᠢᠭ᠋ ᠦᠰᠦ ᠪᠤᠶᠤ ᠲᠠᠷᠮᠠᠭ ᠪᠤᠯᠴᠢᠷᠬᠠᠢ ᠦᠰᠦ ᠲᠡᠢ᠃ ᠳᠣᠲᠣᠷ᠎ᠠ ᠮᠥᠷ ᠳᠠᠬᠢ ᠨᠠᠪᠴᠢᠨ ᠪᠠᠭᠯᠠᠭᠴᠢ ᠨᠢ ᠢᠯᠲᠠᠰᠤᠯᠢᠭ᠂ ᠡᠮᠲᠡᠷᠬᠡᠢ ᠪᠤᠶᠤ ᠠᠷᠠᠭᠠᠲᠤ ᠣᠨᠢ ᠲᠠᠢ᠃ ᠨᠠᠪᠴᠢᠨ ᠪᠠᠷᠢᠭᠤᠯ ᠤ᠋ᠨ ᠨᠢᠭᠡ ᠬᠡᠰᠡᠭ ᠨᠢ ᠪᠠᠭ ᠴᠡᠴᠡᠭ ᠦ᠋ᠨ ᠪᠠᠷᠢᠭᠤᠯ ᠲᠠᠢ ᠪᠠᠨ ᠨᠠᠭᠠᠯᠳᠤᠵᠤ ᠪᠣᠢ᠃ ᠲᠣᠯᠣᠭᠠᠢ ᠬᠡᠯᠪᠡᠷᠢᠲᠦ ᠪᠠᠭ ᠴᠡᠴᠡᠭ ᠨᠢ6-8 ᠪᠠᠷ ᠡᠰᠢᠨ ᠦ᠌ ᠣᠷᠣᠢ ᠳ᠋ᠤ᠌ ᠪᠠᠭᠯᠠᠷᠠᠨ ᠤᠷᠭᠤᠨ᠎ᠠ᠃ ᠶᠡᠷᠦᠩᠬᠡᠢ ᠪᠠᠭᠯᠠᠭᠴᠢ ᠨᠢ ᠬᠤᠩᠬ᠎ᠠ ᠰᠢᠭ᠋᠂ ᠪᠠᠭᠯᠠᠭᠴᠢ ᠢᠯᠲᠠᠰᠤ ᠨᠢ4 ᠳᠠᠪᠬᠤᠷ᠂ ᠬᠠᠪᠲᠠᠭᠠᠢ ᠲᠡᠪᠡᠨᠡ ᠬᠡᠯᠪᠡᠷᠢ ᠲᠡᠢ᠂ ᠨᠣᠭᠣᠭᠠᠨ᠂ ᠪᠣᠷᠣ ᠲᠤᠶᠠᠭ᠎ᠠ ᠲᠠᠢ᠃ ᠴᠡᠴᠡᠭ ᠨᠢ ᠪᠦᠷ ᠬᠣᠭᠣᠯᠠᠢ ᠬᠡᠯᠪᠡᠷᠢ ᠲᠡᠢ᠂ ᠪᠣᠷᠣ ᠥᠩᠭᠡ ᠲᠡᠢ᠂ ᠴᠡᠴᠡᠭ ᠦ᠋ᠨ ᠳᠡᠯᠪᠢ ᠨᠢ30mm ᠣᠷᠴᠢᠮ ᠤᠷᠲᠤ᠂ ᠬᠣᠭᠣᠯᠠᠢ ᠶ᠋ᠢᠨ ᠬᠡᠰᠡᠭ ᠨᠢ20mm ᠣᠷᠴᠢᠮ ᠤᠷᠲᠤ᠃ ᠲᠢᠲᠢᠮ ᠦᠰᠦ ᠨᠢ ᠤᠯᠠᠪᠤᠷ ᠰᠢᠷ᠎ᠠ᠂ ᠭᠠᠳᠠᠷ ᠮᠥᠷ ᠦ᠋ᠨ ᠲᠢᠲᠢᠮ ᠦᠰᠦ ᠨᠢ ᠦᠷᠴᠡᠢᠨ ᠨᠤᠭᠤᠷᠠᠵᠤ ᠳᠣᠷᠣᠭᠰᠢ ᠪᠠᠨ ᠲᠤᠷᠠᠩᠬᠠᠢ ᠵᠢᠮᠢᠰ ᠢ᠋ᠶ᠋ᠡᠨ ᠪᠦᠲᠦᠭᠡᠭᠡᠳ ᠳᠠᠬᠢᠨ ᠳᠡᠭᠡᠭᠰᠢ ᠨᠤᠭᠤᠷᠠᠨ᠎ᠠ᠃ ᠲᠤᠷᠠᠩᠬᠠᠢ ᠵᠢᠮᠢᠰ ᠨᠢ4 ᠢᠷᠮᠡᠭ ᠲᠡᠢ᠂ ᠲᠠᠷᠠᠮᠠᠭ ᠤᠷᠲᠤ ᠵᠥᠭᠡᠯᠡᠨ ᠦᠰᠦ ᠲᠡᠢ᠃6-8 ᠳ᠋ᠤᠭᠠᠷ ᠰᠠᠷ᠎ᠠ ᠳ᠋ᠤ᠌ ᠴᠡᠴᠡᠭᠯᠡᠵᠦ᠂8-9 ᠳ᠋ᠦ᠍ᠭᠡᠷ ᠰᠠᠷ᠎ᠠ ᠳ᠋ᠤ᠌ ᠵᠢᠮᠢᠰᠯᠡᠨ᠎ᠡ᠃
   [ ᠲᠡᠭᠦᠵᠦ ᠪᠣᠯᠪᠠᠰᠤᠷᠠᠭᠤᠯᠬᠤ]9-11 ᠳ᠋ᠦ᠍ᠭᠡᠷ ᠰᠠᠷ᠎ᠠ ᠳ᠋ᠤ᠌ ᠮᠠᠯᠲᠠᠨ ᠠᠪᠤᠭᠰᠠᠨ ᠤ᠋ ᠰᠡᠭᠦᠯᠡᠷ ᠰᠢᠪᠠᠷ ᠰᠢᠷᠣᠢ ᠵᠢᠴᠢ ᠦᠨᠳᠦᠰᠦ ᠶ᠋ᠢᠨ ᠣᠷᠣᠢ ᠶ᠋ᠢᠨ ᠴᠠᠪᠠᠤᠯᠢᠭ ᠡᠳ᠋ ᠪᠠ ᠰᠠᠬᠠᠯ ᠦᠨᠳᠦᠰᠦ ᠶ᠋ᠢ ᠨᠢ ᠠᠷᠢᠯᠭᠠᠭᠠᠳ᠂ ᠦᠨᠳᠦᠰᠦ ᠨᠢ ᠲᠣᠮᠣ ᠪᠣᠯ ᠭᠤᠯᠳᠤ ᠪᠠᠷ ᠵᠦᠰᠦᠵᠦ᠂ ᠨᠠᠷᠠᠨ ᠳ᠋ᠤ᠌ ᠡᠭᠡᠭᠡᠬᠦ ᠪᠤᠶᠤ ᠵᠥᠭᠡᠯᠡᠨ ᠭᠠᠯ ᠳᠡᠭᠡᠷ᠎ᠡ ᠬᠠᠭᠰᠠᠭᠠᠨ᠎ᠠ᠃
   [ ᠠᠮᠲᠠ᠂ ᠴᠢᠨᠠᠷ᠂ ᠡᠷᠳᠡᠮ] ᠭᠤᠱᠤᠭᠤᠨ᠂ ᠭᠠᠰᠢᠭᠤᠨ ᠠᠮᠲᠠ ᠲᠠᠢ᠃ ᠰᠡᠷᠢᠭᠦᠨ ᠴᠢᠨᠠᠷ ᠲᠠᠢ᠂ ᠭᠦᠢᠬᠡᠨ᠂ ᠰᠢᠷᠦᠭᠦᠨ ᠡᠷᠳᠡᠮ ᠲᠡᠢ᠃
   [ ᠴᠢᠳᠠᠯ ᠪᠠ ᠭᠣᠣᠯᠳᠠᠭᠤ ᠵᠠᠰᠠᠬᠤ] ᠪᠠᠳᠭ᠋ᠠᠨ ᠢ᠋ ᠠᠷᠢᠯᠭᠠᠬᠤ᠂ ᠰᠢᠮᠡᠵᠢᠭᠦᠯᠬᠦ ᠬᠠᠳᠬᠤᠯᠭ᠎ᠠ ᠶ᠋ᠢ ᠳᠠᠷᠤᠬᠤ ᠴᠢᠳᠠᠯ ᠲᠠᠢ᠃ ᠭᠣᠣᠯᠳᠠᠭᠤ  ᠪᠠᠳᠭ᠋ᠠᠨ ᠬᠠᠯᠠᠭᠤᠨ᠂ ᠪᠠᠳᠭ᠋ᠠᠨ ᠪᠣᠷᠣ᠂ ᠬᠠᠳᠬᠤᠯᠭ᠎ᠠ᠂ ᠰᠢᠩᠭᠡᠭᠡᠯᠲᠡ ᠮᠠᠭᠤᠳᠠᠭᠰᠠᠨ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄ 川木香
   ᠠᠩᠭ᠌ᠯᠢ ᠨᠡᠷ᠎ᠡ᠄ Vladimiria souliei (Franch.) Ling

   ᠦᠰᠦᠭ ᠠᠮᠢᠯᠠᠭᠤᠯᠤᠭᠴᠢ᠄ ᠠᠯᠲᠠᠨᠴᠡᠴᠡᠭ
   ᠬᠢᠨᠠᠭᠴᠢ᠄ ᠲᠤᠶᠠᠭ᠎ᠠ