ᠡᠪᠦᠯ ᠢᠷᠡᠬᠦᠢ -ᠣᠭᠤᠨᠤᠰ ᠪ᠊· ᠡᠷᠳᠡᠮᠲᠦ Өвөл ирэхүй-Оонс Б· Эрдэмт
ᠡᠪᠦᠯ ᠢᠷᠡᠬᠦᠢ
ᠵᠣᠬᠢᠶᠠᠭᠴᠢ᠄ ᠣᠭᠤᠨᠤᠰ ᠪ᠊· ᠡᠷᠳᠡᠮᠲᠦ
ᠤᠶᠠᠩᠭᠠᠯᠠᠭᠴᠢ᠄ ᠨᠠᠷᠠᠨᠲᠤᠶᠠᠭ᠎ᠠ
ᠬᠣᠩᠭᠣᠷ ᠨᠠᠮᠤᠷ ᠤᠨ ᠰᠢᠪᠲᠤᠷᠠᠭᠠᠨ ᠡᠴᠡ ᠡᠷᠦᠬᠡᠨ ᠦ᠌ ᠣᠭᠣᠰᠣᠷ ᠲᠠᠲᠠᠵᠤ
ᠬᠣᠰᠢᠯᠠᠬᠤ ᠨᠠᠷᠠᠨ ᠤ᠋ ᠴᠢᠯᠥᠭᠡᠨ ᠡᠴᠡ ᠬᠦᠢᠲᠡᠨ ᠰᠡᠭᠦᠳᠡᠷ ᠨᠠᠭᠠᠰᠢᠯᠠᠭᠠᠳ
ᠬᠣᠯᠠ ᠶ᠋ᠢᠨ ᠲᠡᠷᠭᠡᠯ ᠬᠥᠳᠡᠭᠡ ᠪᠤᠭᠤᠷᠤᠯ ᠳᠠᠪᠬᠤᠴᠠ ᠪᠠᠨ ᠨᠥᠮᠥᠷᠬᠦ ᠳ᠋ᠦ᠍
ᠬᠣᠢᠨ᠎ᠠ ᠡᠴᠡ ᠬᠣᠩᠭᠢᠨᠠᠬᠤ ᠵᠢᠪᠠᠷ ᠢ᠋ᠶ᠋ᠠᠷ ᠬᠣᠶᠠᠷ ᠴᠢᠬᠢ ᠵᠢᠮᠵᠢᠭᠢᠨᠡᠬᠦᠢ
ᠭᠣᠣᠯ ᠤ᠋ᠨ ᠤᠷᠤᠰᠬᠠᠯ ᠬᠠᠴᠠᠷᠯᠠᠭᠠᠳ ᠡᠷᠲᠡ ᠶ᠋ᠢᠨ ᠬᠢᠯᠠᠭ᠎ᠠ ᠪᠤᠲᠠᠷᠠᠵᠤ
ᠭᠤᠨᠢᠭ ᠢ᠋ᠶ᠋ᠠᠨ ᠨᠢᠭᠤᠵᠤ ᠴᠠᠢᠷᠠᠭᠠᠳ ᠮᠥᠩᠭᠥᠨ ᠳᠡᠯᠡᠬᠡᠢ ᠴᠠᠷᠴᠠᠴᠢᠬᠠᠭᠠᠳ
ᠭᠣᠪᠢ ᠶ᠋ᠢᠨ ᠵᠡᠯᠢᠭᠦᠳ ᠲᠦ᠍ ᠨᠥᠭᠡᠯᠬᠦ ᠶᠢᠰᠦ ᠶ᠋ᠢᠨ ᠴᠠᠭᠠᠨ ᠰᠠᠯᠬᠢ
ᠭᠤᠨᠠᠨ ᠦᠬᠡᠷ ᠦ᠋ᠨ ᠡᠪᠡᠷ ᠢ᠋ ᠶᠠᠩᠭᠢᠨᠠᠲᠠᠯ᠎ᠠ ᠳᠡᠯᠡᠰᠦᠭᠡᠳ ᠢᠷᠡᠬᠦᠢ
ᠲᠠᠷᠭᠤᠨ ᠰᠦᠷᠦᠭ ᠬᠤᠢᠯᠠᠷᠠᠨ ᠶᠠᠪᠠᠭᠠᠨ ᠰᠢᠭᠤᠷᠭ᠎ᠠ ᠪᠠᠷ ᠠᠯᠠᠭᠠᠳᠠᠭᠤᠯᠵᠤ
ᠲᠠᠰᠢᠶᠠᠯᠠᠪᠴᠢ ᠲᠦᠷᠢᠭᠰᠡᠨ ᠶᠠᠩᠵᠤ ᠪᠠᠷ ᠴᠠᠩ ᠬᠦᠦᠷᠭᠡ ᠰᠠᠪᠰᠠᠭᠰᠠᠨ
ᠲᠠᠩᠰᠤᠭ ᠨᠤᠲᠤᠭ ᠲᠤ᠌ ᠡᠭᠡᠯᠵᠢᠯᠡᠬᠦ ᠤᠯᠠᠷᠢᠯ ᠲᠣᠭᠣᠭᠰᠠᠨ ᠵᠢᠩ ᠦ᠋ᠨ
ᠲᠠᠭᠠᠷᠠᠬᠤ ᠶ᠋ᠢᠨ ᠡᠷᠴᠢ ᠡᠴᠡ ᠢᠪᠢᠯᠴᠡᠭᠡᠳ ᠠᠮᠢᠨ ᠭᠣᠣᠯ ᠪᠦᠯᠢᠶᠡᠰᠬᠦᠢ
ᠤᠯᠪᠠᠭ᠎ᠠ ᠲᠠᠲᠠᠭᠰᠠᠨ ᠬᠠᠭᠤᠴᠢ ᠡᠪᠦᠭᠡᠳ ᠦ᠋ᠨ ᠬᠤᠭᠤᠷ ᠡᠴᠡ ᠤᠷᠤᠰᠴᠤ
ᠤᠷᠲᠤ ᠰᠥᠨᠢ ᠶ᠋ᠢᠨ ᠵᠡᠭᠦᠳᠦᠨ ᠳ᠋ᠦ᠍ ᠣᠲᠣᠷ ᠤ᠋ᠨ ᠠᠳᠤᠭᠤᠳ ᠢᠨᠴᠠᠭᠠᠭᠰᠠᠨ
ᠣᠩᠭᠣᠨ ᠪᠠᠢᠭᠠᠯᠢ ᠠᠮᠤᠷᠵᠢᠨ ᠴᠠᠰᠤᠨ ᠤ᠋ ᠳᠣᠣᠷ᠎ᠠ ᠳᠤᠭᠵᠢᠷᠠᠭᠠᠳ
ᠣᠳᠣᠳ ᠠᠨᠢᠪᠠᠯᠵᠠᠭᠰᠠᠨ ᠲᠩᠷᠢ ᠡᠴᠡ ᠤᠳᠤᠮ ᠰᠤᠳᠤᠷ ᠠᠰᠬᠠᠷᠠᠬᠤᠢ
ᠶᠡᠷᠦᠩᠬᠡᠢ ᠨᠠᠢᠷᠠᠭᠤᠯᠤᠭᠴᠢ᠄ ᠣᠳᠬᠣᠩᠬᠤᠸᠠᠷ
ᠶᠡᠷᠦᠩᠬᠡᠢ ᠬᠢᠨᠠᠭᠴᠢ᠄ ᠨᠣᠶᠠᠨᠬᠢᠨ· ᠡᠩᠬᠡᠮᠡᠨᠳᠦ
《ᠲᠤᠯᠭ᠎ᠠ ᠶ᠋ᠢᠨ ᠭᠤᠷᠪᠠᠨ》 ᠴᠢᠯᠠᠭᠤ ᠤᠳᠬ᠎ᠠ ᠰᠣᠶᠣᠯ ᠤ᠋ᠨ ᠨᠡᠢᠭᠡᠮᠯᠢᠭ ᠡᠴᠡ ᠬᠠᠩᠭᠠᠪᠠ᠃


