ᠦᠬᠢᠨ ᠳᠦ ᠪᠡᠨ ᠵᠠᠬᠢᠬᠤ ᠦᠭᠡ -ᠤᠯᠠᠮᠵᠢᠯᠠᠯᠲᠤ ᠢᠷᠥᠭᠡᠯ ᠮᠠᠭᠲᠠᠭᠠᠯ- ᠰ ·ᠠᠯᠲᠠᠨᠰᠦ᠋ᠬᠡ Охиндоо захих үг-С· Алтансүх ᠢᠷᠥᠭᠡᠯ ᠮᠠᠭᠲᠠᠭᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠬᠢᠨ ᠳᠦ ᠪᠡᠨ ᠵᠠᠬᠢᠬᠤ ᠦᠭᠡ -ᠤᠯᠠᠮᠵᠢᠯᠠᠯᠲᠤ ᠢᠷᠥᠭᠡᠯ ᠮᠠᠭᠲᠠᠭᠠᠯ- ᠰ ·ᠠᠯᠲᠠᠨᠰᠦ᠋ᠬᠡ Охиндоо захих үг-С· Алтансүх

ᠦᠬᠢᠨ ᠳᠦ ᠪᠡᠨ ᠵᠠᠬᠢᠬᠤ ᠦᠭᠡ -ᠤᠯᠠᠮᠵᠢᠯᠠᠯᠲᠤ ᠢᠷᠥᠭᠡᠯ ᠮᠠᠭᠲᠠᠭᠠᠯ- ᠰ ·ᠠᠯᠲᠠᠨᠰᠦ᠋ᠬᠡ Охиндоо захих үг-С· Алтансүх

2025-01-10

1966

ᠦᠬᠢᠨ ᠳᠦ ᠪᠡᠨ ᠵᠠᠬᠢᠬᠤ ᠦᠭᠡ

    ᠵᠣᠬᠢᠶᠠᠭᠴᠢ᠄ ᠭᠠᠮᠠᠯᠠ 
    ᠢᠷᠦᠭᠡᠭᠴᠢ᠄ ᠰ᠂ ᠠᠯᠲᠠᠨᠰᠦ᠋ᠬᠡ 
ᠵᠸ᠂ ᠡᠵᠡᠨ ᠴᠢᠩᠭᠢᠰ ᠠᠴᠠ ᠤᠯᠠᠮᠵᠢᠯᠠᠭᠰᠠᠨ 
ᠡᠷᠲᠡᠨ ᠤ ᠶᠤᠰᠤᠨ ᠢ ᠨᠢ ᠳᠠᠭᠠᠭᠤᠯᠤᠭᠠᠳ 
ᠡᠩᠬᠦᠷᠠᠢ ᠵᠢᠭᠠᠬᠠᠨ ᠲᠡᠭᠦᠦ ᠪᠡᠨ 
ᠡᠷᠳᠡᠨᠢᠲᠦ ᠵᠠᠶᠠᠭᠠᠨ ᠳᠤ ᠨᠢ ᠥᠭᠭᠦᠯ᠎ᠡ ᠳᠠ 
ᠬᠤᠳᠠ ᠪᠤᠯᠤᠨ ᠬᠤᠳᠠᠭᠠᠢ ᠳ᠋ᠤ᠌ ᠪᠠᠨ 
ᠬᠤᠷᠢᠮ ᠤᠨ ᠲᠦᠷᠦᠭᠦᠦ ᠲᠠ ᠨᠠᠷ ᠲᠤ ᠪᠠᠨ 
ᠬᠤᠩᠭᠤᠷ ᠵᠢᠭᠠᠬᠠᠨ ᠳᠡᠭᠦᠦ ᠶᠢᠨ ᠢᠶᠡᠨ 
ᠬᠤᠢᠰᠢᠲᠡ ᠶᠢᠨ ᠠᠮᠢᠳᠤᠷᠠᠯ ᠢ ᠵᠠᠬᠢᠬᠤ ᠨᠢ 
ᠮᠠᠨ ᠤ ᠡᠨᠡ ᠲᠡᠭᠦᠦ ᠪᠤᠯ 
ᠥᠭᠡᠯᠡᠭᠦᠷ ᠬᠠᠢᠴᠢ ᠶᠢ ᠨᠢ ᠪᠠᠷᠢᠵᠤ
ᠥᠭᠡᠳᠡᠩ ᠲᠤᠷᠭ᠎ᠠ ᠶᠢ ᠨᠢ ᠡᠰᠬᠡᠭᠡ ᠦᠭᠡᠢ
ᠥᠩᠭᠡᠲᠦ ᠵᠡᠭᠦᠦ ᠶᠢ ᠨᠢ ᠪᠠᠷᠢᠵᠤ
ᠦᠢᠯᠡ ᠤᠶᠤᠳᠠᠯ ᠢ ᠨᠢ ᠰᠤᠷᠤᠭᠰᠠᠨ ᠦᠭᠡᠢ
ᠠᠪᠤ ᠳ᠋ᠤ᠌ ᠪᠠᠨ ᠡᠷᠬᠡ ᠥᠰᠦᠭᠰᠡᠨ ᠢᠶᠡᠷ ᠢᠶᠡᠨ
ᠠᠵᠢᠯ ᠤᠨ ᠶᠡᠬᠡ ᠶᠢ ᠨᠢ ᠰᠤᠷᠤᠭᠰᠠᠨ ᠦᠭᠡᠢ
ᠡᠵᠢ ᠳ᠋ᠤ᠌ ᠪᠠᠨ ᠡᠷᠬᠡ ᠦᠰᠦᠭᠰᠡᠨ ᠢᠶᠡᠷ ᠢᠶᠠᠨ
ᠡᠷᠳᠡᠮ ᠤᠨ ᠵᠦᠢ ᠶᠢ ᠨᠢ ᠰᠤᠷᠤᠭᠰᠠᠨ ᠦᠭᠡᠢ
ᠠᠭᠠᠬᠢᠮ᠎ᠠ ᠬᠠᠯᠠᠭᠤᠨ ᠨᠠᠷᠠᠨ ᠳ᠋ᠤ᠌ ᠨᠢ
ᠠᠩᠭᠠᠵᠤ ᠴᠠᠩᠭᠠᠬᠤ ᠶᠢ ᠨᠢ ᠮᠡᠳᠡ ᠳᠠ 
ᠠᠷᠭᠠᠯ ᠲᠦᠯᠡᠰᠢᠨ ᠳ᠋ᠤ᠌ ᠶᠠᠪᠤᠬᠤ ᠳ᠋ᠤ᠌ ᠨᠢ
ᠠᠶᠤᠯᠭᠠᠵᠤ ᠰᠠᠨᠳᠤᠷᠠᠬᠤ ᠶᠢ ᠨᠢ ᠬᠡᠷᠰᠡᠦᠯᠡ ᠳᠠ
ᠭᠠᠩᠭᠠᠷ ᠡᠪᠦᠯ ᠤᠨ ᠬᠦᠢᠲᠡᠨ ᠳ᠋ᠤ᠌ ᠨᠢ  
ᠭᠠᠷ ᠬᠦᠯ ᠢ ᠨᠢ ᠬᠡᠷᠰᠡᠦᠯᠡ ᠳᠠ 
ᠭᠠᠳᠠᠨ᠎ᠠ ᠳᠤᠲᠤᠨ᠎ᠠ ᠶᠢᠨ ᠠᠵᠢᠯ ᠳ᠋ᠤ᠌ ᠨᠢ
ᠭᠠᠴᠢᠭ᠍ᠳᠠᠵᠤ ᠵᠤᠪᠠᠬᠤ ᠶᠢ ᠨᠢ ᠮᠡᠳᠡ ᠳᠠ
ᠡᠳᠦᠷ ᠲᠤᠲᠤᠮ ᠤᠨ ᠠᠵᠢᠯ ᠳ᠋ᠤ᠌ ᠨᠢ
ᠡᠮᠦᠨ᠎ᠡ ᠬᠤᠢᠨ᠎ᠠ ᠨᠢ ᠰᠠᠨᠠᠭᠤᠯᠤᠭᠠᠳ
ᠦᠷᠭᠦᠯᠵᠢ ᠵᠢᠭᠠᠪᠤᠷᠢᠯᠠᠵᠤ ᠰᠤᠷᠭᠠᠬᠤ ᠶᠢ
ᠡᠷᠬᠢᠮ ᠲᠠᠨ ᠳ᠋ᠤ᠌ ᠪᠠᠨ ᠨᠠᠢᠳᠠᠶ᠎ᠠ᠃
ᠬᠦᠷᠦᠪᠡᠵᠢᠵᠦ ᠪᠤᠢᠵᠢᠭ᠍ᠰᠠᠨ ᠬᠤᠷᠠᠭ᠎ᠠ ᠴᠤ᠌
ᠬᠦᠯ ᠢᠶᠡᠨ ᠰᠦᠭᠦᠳᠴᠤ ᠬᠦᠬᠦᠳᠡᠭ ᠶᠤᠮ
ᠬᠦᠮᠦᠨ ᠤ ᠵᠢᠭᠠᠬᠠᠨ ᠦᠷ᠎ᠡ ᠨᠢ  
ᠬᠦᠭᠡᠷᠦᠬᠦᠢᠯᠡᠵᠦ ᠬᠡᠯᠡᠬᠦ ᠶᠢ ᠮᠡᠳᠡᠳᠡᠭ ᠶᠤᠮ
ᠤᠶᠠᠬᠠᠨ ᠵᠢᠭᠠᠬᠠᠨ ᠲᠡᠭᠦᠦ ᠳ᠋ᠤ᠌ ᠪᠡᠨ 
ᠤᠴᠢᠷᠲᠠᠢ ᠦᠭᠡ ᠪᠠᠨ ᠵᠠᠬᠢᠶ᠎ᠠ ᠳᠠ
ᠠᠭᠤᠰᠬᠢ ᠵᠢᠷᠦᠬᠡᠨ ᠦ ᠪᠡᠨ ᠭᠦᠨ ᠡᠴᠡ
ᠤᠬᠠᠭᠠᠷᠠᠵᠤ ᠶᠠᠪᠤ ᠳᠠ ᠳᠡᠭᠦᠦ ᠮᠢᠨᠢ
ᠬᠤᠷᠮᠤᠰᠲᠠ ᠡᠵᠡᠨ ᠲᠩᠷᠢ ᠳ᠋ᠤ᠌ ᠪᠡᠨ
ᠬᠤᠷᠤᠳ ᠰᠦ ᠪᠠᠨ ᠡᠷᠭᠦᠵᠦ ᠶᠠᠪᠤ
ᠬᠠᠭᠤᠴᠢᠨ ᠴᠠᠭ ᠤᠨ ᠰᠢᠲᠦᠭᠡᠨ ᠳ᠋ᠤ᠌ ᠪᠠᠨ 
ᠬᠠᠭᠤᠷᠮᠠᠭ ᠦᠭᠡᠢ ᠰᠦᠰᠦᠭᠯᠡᠵᠦ ᠶᠠᠪᠤ
ᠠᠪᠤ ᠡᠵᠢ ᠪᠡᠨ ᠬᠦᠨᠳᠦᠯᠡᠵᠦ
ᠠᠰᠠᠷᠠᠯ ᠬᠠᠢᠷ᠎ᠠ ᠶᠢ ᠨᠢ ᠬᠦᠷᠲᠡᠵᠦ ᠶᠠᠪᠤ
ᠠᠬᠠᠨ ᠳᠡᠭᠦᠦ ᠨᠠᠷ ᠢᠶᠠᠨ ᠲᠡᠳᠬᠦᠵᠦ  
ᠠᠵᠢᠯ ᠦᠢᠯᠡᠰ ᠢ ᠨᠢ ᠬᠠᠪᠰᠤᠷᠴᠤ ᠶᠠᠪᠤ
ᠰᠢᠨ᠎ᠡ ᠴᠠᠭ ᠢ ᠳᠠᠭᠤᠷᠢᠶᠠᠭᠠᠳ
ᠤᠤᠵᠢ ᠦᠭᠡᠢ ᠪᠢᠲᠡᠭᠡᠢ ᠶᠠᠪᠤᠭᠠᠷᠠᠢ
ᠰᠢᠷᠬᠡᠭ ᠦᠰᠦ ᠪᠠᠨ ᠬᠠᠢᠷᠠᠯᠠᠭᠠᠳ 
ᠰᠦᠢᠬᠡ ᠦᠭᠡᠢ ᠪᠢᠲᠡᠭᠡᠢ ᠭᠠᠷᠤᠭᠠᠷᠠᠢ
ᠠᠢᠯ ᠤᠰᠤᠨ ᠤ ᠲᠦᠮᠡᠨ ᠳ᠋ᠤ᠌ ᠪᠡᠨ
ᠠᠶᠠᠭ᠎ᠠ ᠴᠠᠢ ᠪᠠᠨ ᠲᠦᠷᠭᠡᠯᠡᠵᠦ ᠶᠠᠪᠤ
ᠠᠬ᠎ᠠ ᠳᠡᠭᠦᠦ ᠤᠯᠠᠨ ᠰᠠᠳᠤᠨ ᠳ᠋ᠤ᠌ ᠪᠠᠨ  
ᠠᠭᠠᠰᠢ ᠵᠠᠩ ᠢᠶᠠᠨ ᠡᠪᠲᠡᠢ ᠶᠠᠪᠤ
ᠬᠤᠨᠢᠨ ᠤ ᠮᠠᠨᠠᠭᠠᠨ ᠳ᠋ᠤ᠌ ᠭᠠᠷᠬᠤ ᠳ᠋ᠤ᠌  ᠪᠠᠨ
ᠬᠤᠪᠢᠨ ᠤ ᠨᠤᠢᠷ ᠢᠶᠠᠨ ᠭᠡᠷᠰᠡᠦᠯᠡᠵᠦ ᠶᠠᠪᠤ
ᠬᠤᠭᠤᠯᠠ ᠴᠠᠢ ᠶᠢᠨ  ᠢᠶᠠᠨ ᠳᠡᠭᠡᠵᠢ ᠶᠢ
ᠬᠤᠵᠢᠳ ᠰᠡᠭᠦᠯ ᠳ᠋ᠤ᠌ ᠨᠢ ᠬᠦᠷᠲᠡᠵᠦ ᠪᠠᠢ
ᠭᠠᠳᠠᠨ᠎ᠠ ᠠᠴᠠ ᠪᠡᠯᠴᠢᠭᠰᠡᠨ ᠮᠠᠯ ᠤᠨ ᠢᠶᠠᠨ
ᠭᠠᠷᠤᠭᠰᠠᠨ ᠵᠦᠭ ᠢ ᠨᠢ ᠠᠵᠢᠵᠤ ᠪᠠᠢ
ᠭᠠᠩᠳᠠᠮᠠᠯ ᠪᠡᠯᠴᠢᠭᠡᠷ ᠲᠠᠢ ᠴᠠᠭ ᠲᠤ ᠨᠢ
ᠭᠠᠯ ᠲᠠᠢ ᠦᠨᠡᠰᠦ ᠪᠡᠨ ᠭᠡᠷᠰᠡᠦᠯᠡᠵᠦ ᠪᠠᠢ
ᠤᠷᠤᠢ ᠦᠳᠡᠰᠢ ᠲᠦᠭᠡᠷᠢᠮᠡᠷ ᠪᠤᠯ
ᠤᠳᠤᠨ ᠤ ᠴᠢᠭ᠌ ᠢ ᠨᠢ ᠪᠠᠷᠢᠵᠤ ᠶᠠᠪᠤ
ᠤᠭᠲᠠᠷᠭᠤᠢ ᠶᠢᠨ ᠵᠢᠪᠠᠷ ᠬᠦᠳᠡᠯᠦᠮᠡᠷ ᠪᠤᠯ
ᠤᠭᠤᠰᠤᠷ ᠪᠦᠴᠡ ᠪᠡᠨ ᠴᠢᠩᠭᠠᠯᠠᠵᠤ ᠶᠠᠪᠤ
ᠠᠭᠠᠳᠠᠷ ᠪᠤᠷᠤᠭᠠᠨ ᠨᠢ ᠤᠢᠷᠠᠳᠤᠪᠠᠯ
ᠠᠷᠵᠠᠢᠬᠤ ᠦᠰᠦ ᠪᠠᠨ ᠳᠠᠷᠤᠵᠤ ᠶᠠᠪᠤ
ᠠᠷᠢᠶᠠᠲᠠᠨ ᠵᠢᠭᠦᠷᠲᠡᠨ ᠲᠤᠬᠢᠶᠠᠯᠳᠤᠪᠠᠯ
ᠠᠶᠤᠵᠤ ᠰᠠᠨᠳᠤᠷᠬᠤ ᠦᠭᠡᠢ ᠯᠠᠪᠳᠠᠭᠤᠨ ᠶᠠᠪᠤ
ᠡᠰᠭᠡᠵᠦ ᠤᠶᠤᠬᠤ ᠪᠠᠨ ᠮᠡᠳᠡᠬᠦ ᠦᠭᠡᠢ ᠪᠤᠯ 
ᠡᠵᠢ ᠳ᠋ᠤ᠌ ᠪᠠᠨ ᠬᠡᠯᠡᠭᠡᠳ ᠵᠢᠭᠠᠯᠭᠠᠵᠤ ᠪᠠᠢ
ᠡᠳ᠋ᠯᠡᠵᠦ ᠬᠡᠷᠡᠭᠯᠡᠬᠦ ᠪᠡᠨ ᠮᠡᠳᠡᠬᠦ ᠦᠭᠡᠢ ᠪᠤᠯ
ᠡᠴᠢᠭᠡ ᠳ᠋ᠤ᠌ ᠪᠠᠨ ᠬᠡᠯᠡᠭᠡᠳ ᠵᠢᠭᠠᠯᠭᠠᠵᠤ ᠪᠠᠢ
ᠭᠡᠷ ᠲᠤ ᠪᠠᠨ ᠭᠠᠭᠴᠠᠭᠠᠷ ᠰᠠᠭᠤᠬᠤ ᠳ᠋ᠤ᠌ ᠪᠠᠨ
ᠭᠡᠮ ᠲᠡᠢ ᠡᠰᠡᠬᠦ ᠪᠠᠨ ᠲᠤᠩᠭᠠᠵᠤ ᠪᠣᠳᠤ
ᠬᠢᠴᠢᠶᠡᠯ ᠰᠤᠷᠤᠯ ᠲᠠᠢ ᠠᠬᠠᠮᠠᠳ ᠤᠨ ᠢᠶᠠᠨ
ᠬᠡᠯᠡᠭᠰᠡᠨ ᠦᠭᠡ ᠢ ᠨᠢ ᠲᠤᠩᠭᠠᠵᠤ ᠪᠤᠳᠤ
ᠤᠯᠠᠨ ᠤ ᠴᠤᠭᠯᠠᠭᠠᠨᠲᠤ ᠭᠠᠵᠠᠷ ᠲᠤ ᠨᠢ
ᠤᠷᠬᠢᠶ᠎ᠠ ᠪᠢᠲᠡᠭᠡᠢ ᠶᠠᠪᠤᠭᠠᠷᠠᠢ
ᠤᠯᠢᠭ᠋ ᠦᠭᠡᠢ ᠠᠭᠠᠰᠢᠲᠠᠨ ᠢ ᠳᠠᠭᠤᠷᠢᠶᠠᠵᠤ
ᠤᠨᠴᠠᠭᠠᠢᠷᠠᠵᠤ ᠪᠢᠲᠡᠭᠡᠢ ᠶᠠᠪᠤᠭᠠᠷᠠᠢ
ᠲᠦᠷᠬᠦᠮ ᠦᠨ ᠭᠡᠷ ᠤᠨ ᠰᠠᠳᠤᠨ ᠢᠶᠠᠨ
ᠳᠦᠯᠬᠢᠭᠦᠦ ᠪᠢᠲᠡᠭᠡᠢ ᠪᠤᠳᠤᠭᠠᠷᠠᠢ
ᠳᠦᠭᠦᠷᠡᠩ ᠢᠪᠡᠭᠡᠯ ᠲᠠᠢ ᠬᠠᠳᠠᠮ ᠤᠨ ᠴᠢᠨᠢ
ᠲᠦᠰᠢᠵᠦ ᠠᠮᠢᠳᠤᠷᠠᠬᠤ ᠭᠠᠵᠠᠷ ᠴᠢᠨᠢ ᠰᠢᠦ
ᠬᠤᠩᠭᠤᠷ ᠵᠢᠭᠠᠬᠠᠨ ᠳᠡᠭᠦᠦ ᠳ᠋ᠤ᠌ ᠪᠡᠨ
ᠬᠤᠢᠰᠢᠲᠠ ᠶᠢᠨ ᠵᠢᠷᠭᠠᠯ ᠢ ᠨᠢ ᠬᠦᠰᠡᠶ᠎ᠡ
ᠬᠤᠯᠪᠤᠵᠤ ᠬᠡᠯᠡᠭᠰᠡᠨ ᠦᠭᠡ ᠶᠢ ᠮᠢᠨᠢ
ᠬᠤᠪᠳᠤᠯ ᠵᠢᠷᠦᠬᠡᠨ ᠳ᠋ᠤ᠌ ᠪᠡᠨ ᠴᠡᠭᠡᠵᠢᠯᠡᠭᠡᠷᠡᠢ
ᠠᠩᠭᠢᠷ ᠵᠢᠭᠠᠬᠠᠨ ᠳᠡᠭᠦᠦ ᠳ᠋ᠤ᠌ ᠪᠡᠨ
ᠠᠰᠢᠳᠠ ᠶᠢᠨ ᠵᠢᠷᠭᠠᠯ ᠢ ᠬᠦᠰᠡᠶ᠎ᠡ
ᠠᠮᠢᠯᠠᠭᠤᠯᠵᠤ ᠬᠡᠯᠡᠭᠰᠡᠨ ᠦᠭᠡ ᠶᠢ ᠮᠢᠨᠢ
ᠠᠶᠤᠤᠯᠢᠬᠠᠢ ᠴᠡᠭᠡᠵᠢᠨ ᠳ᠋ᠤ᠌ ᠪᠠᠨ ᠰᠢᠩᠭᠡᠭᠡᠷᠡᠢ
ᠦᠵᠦᠮᠦᠴᠢᠨ ᠨᠤᠳᠤᠭ ᠤᠨ ᠢᠶᠠᠨ ᠳᠦᠷᠬᠦᠮ ᠢᠶᠡᠨ
ᠦᠷᠭᠦᠯᠵᠢ ᠡᠷᠭᠢᠨ ᠦᠵᠡᠵᠦ ᠪᠠᠢ
ᠦᠰᠴᠦ ᠲᠦᠷᠦᠭᠰᠡᠨ ᠨᠤᠲᠤᠭ ᠢᠶᠠᠨ
ᠥᠷᠦᠴᠡ ᠵᠢᠷᠦᠬᠡᠨ ᠳ᠋ᠤ᠌ ᠪᠡᠨ ᠰᠠᠨᠠᠵᠤ ᠪᠠᠢ
ᠠᠪᠠᠭ᠎ᠠ ᠶᠢᠨ ᠰᠠᠢᠬᠠᠨ ᠨᠤᠲᠤᠭ ᠲᠤ ᠪᠠᠨ
ᠠᠢᠯ ᠭᠡᠷ ᠢᠶᠡᠨ ᠴᠤᠭᠴᠠᠯᠠᠵᠤ ᠶᠠᠪᠤᠭᠠᠷᠠᠢ
ᠠᠮᠠᠷᠠᠭ ᠰᠠᠢᠬᠠᠨ ᠬᠠᠨᠢ ᠲᠠᠢ ᠪᠠᠨ 
ᠠᠰᠢᠳᠠ ᠶᠢᠨ ᠵᠢᠷᠭᠠᠯ ᠢ ᠨᠢ ᠡᠳ᠋ᠯᠡᠵᠦ ᠶᠠᠪᠤᠭᠠᠷᠠᠢ᠃

  ᠰᠦᠯᠵᠢᠶᠠᠨ ᠤ ᠦᠰᠦᠭ ᠪᠣᠯᠭᠠᠨ ᠠᠮᠢᠯᠠᠭᠤᠯᠵᠤ ᠬᠠᠳᠠᠭᠰᠠᠨ ᠨᠢ ᠾᠦᠩ ᠸᠸᠢ᠂ ᠮᠤᠩᠭᠤᠯ ᠰᠦᠨᠡᠰᠦ᠂ ᠮᠦᠴᠢᠷ᠂ ᠰᠡᠴᠡᠨᠴᠢᠮᠡᠭ ᠨᠠᠷ ᠬᠢᠨᠠᠯᠲᠠ ᠬᠢᠪᠡ᠃