ᠠᠰᠤᠷᠤ ᠶ᠋ᠢᠨ ᠥᠨᠳᠥᠷ -ᠠᠰᠠᠷ ᠬᠠᠮᠲᠤᠯᠢᠭ᠋Асрын өндөр ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠰᠤᠷᠤ ᠶ᠋ᠢᠨ ᠥᠨᠳᠥᠷ -ᠠᠰᠠᠷ ᠬᠠᠮᠲᠤᠯᠢᠭ᠋Асрын өндөр

ᠠᠰᠤᠷᠤ ᠶ᠋ᠢᠨ ᠥᠨᠳᠥᠷ -ᠠᠰᠠᠷ ᠬᠠᠮᠲᠤᠯᠢᠭ᠋Асрын өндөр

2025-01-10

2315

ᠠᠰᠤᠷᠤ ᠶ᠋ᠢᠨ ᠥᠨᠳᠥᠷ

         ᠠᠰᠠᠷ ᠬᠠᠮᠲᠤᠯᠢᠭ᠋ 
ᠠᠰᠠᠷ ᠥᠨᠳᠥᠷ ᠶᠡᠬᠡ ᠵᠠᠶᠠᠭᠠᠲᠠᠢ 
ᠠᠮᠤᠷᠯᠢᠩᠭᠤᠢ ᠪᠠᠶᠠᠰᠬᠤᠯᠠᠩ ᠴᠢᠷᠠᠢ ᠲᠠᠢ 
ᠠᠭᠠᠵᠢᠮᠬᠠᠨ ᠲᠣᠭᠯᠠᠨ ᠰᠠᠭᠤᠭᠠᠳ ᠨᠠᠢᠷᠯᠠᠶ᠎ᠠ  ᠬᠥ ᠬᠥ 
ᠲᠣᠬᠣᠢ ᠳ᠋ᠠᠭᠠᠨ ᠤᠴᠠᠷᠠᠨ ᠵᠣᠯᠭᠠᠭᠠᠳ 
ᠲᠤᠩᠭᠠᠯᠠᠭ ᠴᠢᠷᠠᠢ ᠶᠤᠭᠠᠨ ᠦᠵᠡᠭᠡᠳ 
ᠲᠣᠭᠲᠠᠭᠤᠨ ᠰᠠᠭᠤᠭᠠᠳ ᠨᠠᠢᠷᠯᠠᠶ᠎ᠠ  ᠬᠥ ᠬᠥ᠂ 
ᠠ᠂ ᠠ᠂᠁ ᠠ᠂ ᠠ᠂ ᠠ          
ᠶᠣᠳᠪᠠᠢ ᠠᠰᠤᠷᠤ

ᠼᠠᠢ ᠠᠢ ᠨᠠᠢ
ᠵᠢᠷᠭᠠᠯᠲᠤ ᠴᠠᠭ ᠲᠠᠭᠠᠨ ᠴᠤᠭᠯᠠᠷᠠᠭᠰᠠᠨ
ᠵᠠᠶᠠᠭᠠᠲᠤ ᠣᠯᠠᠨ ᠮᠣᠩᠭᠣᠯᠴᠤᠳ ᠠ᠋
ᠵᠢᠪᠬᠤᠯᠠᠩᠲᠤ ᠶᠡᠬᠡ ᠨᠠᠢᠷ ᠤ᠋ᠨ ᠥᠷᠥᠭᠡᠨ ᠳ᠋ᠦ᠍
ᠮᠣᠷᠢᠯᠠᠨ ᠰᠠᠭᠠᠲᠠᠭᠰᠠᠨ ᠡᠨᠡ ᠡᠳᠦᠷ
ᠬᠤᠭᠤᠷ ᠬᠥᠭᠵᠢᠮ ᠢ᠋ᠶ᠋ᠡᠨ ᠠᠰᠤᠷᠤᠳᠠᠬᠤ ᠳ᠋ᠠᠭᠠᠨ ᠤᠷᠮ᠎ᠠ ᠲᠠᠢ
ᠬᠣᠭᠣᠯᠠᠢ ᠡᠭᠡᠰᠢᠭ ᠢ᠋ᠶ᠋ᠡᠨ ᠨᠡᠢᠯᠡᠭᠦᠯᠬᠦ ᠳ᠋ᠡᠭᠡᠨ ᠬᠥᠭᠵᠢᠯ ᠲᠡᠢ
ᠼᠠᠢ ᠠᠢ ᠨᠠᠢ ᠬᠥ
ᠡᠬᠡᠰᠢᠭ ᠳᠠᠭᠤᠤ ᠨᠡᠢᠯᠡᠭᠰᠡᠨ ᠮᠡᠲᠦ
ᠡᠶ᠎ᠡ ᠡᠪᠲᠡᠢ ᠨᠠᠢᠷᠯᠠᠨ ᠰᠠᠭᠤᠶ᠎ᠠ ᠬᠥ

ᠼᠠᠢ ᠠᠢ ᠨᠠᠢ
ᠨᠠᠢᠷᠯᠠᠨ ᠰᠠᠭᠤᠭᠴᠢ ᠶ᠋ᠢᠨ ᠮᠡᠨᠳᠦ ᠶ᠋ᠢᠨ ᠪᠠᠶᠠᠷ ᠲᠠᠢ
ᠨᠠᠢᠷᠠᠯ ᠬᠥᠭᠵᠢᠮ ᠦ᠋ᠨ ᠮᠠᠩᠯᠠᠢ ᠪᠠᠶᠠᠷ
ᠵᠢᠪᠬᠤᠯᠠᠩᠲᠤ ᠶᠡᠬᠡ ᠨᠠᠢᠷ ᠤ᠋ᠨ ᠦᠷᠭᠦᠭᠡᠨ ᠳ᠋ᠦ᠍
ᠠᠰᠤᠷᠤ ᠠᠨᠤ ᠠᠶᠠᠯᠭᠤ ᠶ᠋ᠢᠨ ᠳᠡᠭᠡᠳᠦ
ᠠᠪᠤ ᠳᠡᠭᠡᠳᠦ ᠡᠴᠡ ᠤᠯᠠᠮᠵᠢᠯᠠᠵᠤ ᠢᠷᠡᠭᠰᠡᠨ ᠲᠡᠦᠬᠡ ᠲᠡᠢ
ᠠᠰᠢᠳᠠ ᠮᠠᠨᠳᠤᠬᠤ ᠬᠣᠢᠴᠢ ᠦᠶ᠎ᠡ ᠳ᠋ᠡᠭᠡᠨ ᠳᠤᠷᠠᠰᠬᠠᠯ ᠲᠠᠢ
ᠼᠠᠢ ᠠᠢ ᠨᠠᠢ ᠬᠥ
ᠡᠭᠡᠰᠢᠭ ᠳᠠᠭᠤᠤ ᠨᠡᠢᠯᠡᠭᠰᠡᠨ ᠮᠡᠲᠦ
ᠡᠶ᠎ᠡ ᠡᠪᠲᠡᠢ ᠨᠠᠢᠷᠯᠠᠨ ᠰᠠᠭᠤᠶ᠎ᠠ ᠬᠥ

   ᠦᠰᠦᠭ ᠠᠮᠢᠯᠠᠭᠤᠯᠤᠭᠴᠢ᠄ ᠲᠩᠷᠢ ᠡᠵᠢ
   ᠦᠰᠦᠭ ᠬᠠᠲᠠᠭᠴᠢ᠄ ᠰᠣᠳᠣ
   ᠬᠢᠨᠠᠭᠴᠢ᠄ ᠣᠳᠬᠠᠨᠰᠣ᠎ᠠ