ᠢᠯᠢ ᠶ᠋ᠢᠨ ᠭᠣᠣᠯ - ᠳ · ᠴᠠᠳᠪᠠᠯИлийн гол-Т · Цадвал
ᠢᠯᠢ ᠶ᠋ᠢᠨ ᠭᠣᠣᠯ
ᠳ · ᠴᠠᠳᠪᠠᠯ
ᠠᠷᠴᠠᠲᠤ ᠮᠤᠰᠤᠷ ᠠ᠋ᠴᠠ ᠡᠬᠢ ᠲᠡᠢ
ᠠᠪᠤ ᠶ᠋ᠢᠨ ᠨᠤᠲᠤᠭ ᠢᠯᠢ ᠶ᠋ᠢᠨ ᠭᠣᠣᠯ ᠠ᠋!
ᠠᠷᠠᠳ ᠲᠦᠮᠡᠨ ᠳ᠋ᠡᠭᠡᠨ ᠢᠪᠡᠭᠡᠯ ᠲᠡᠢ
ᠠᠷᠢᠭᠤᠨ ᠲᠤᠩᠭᠠᠯᠠᠭ ᠢᠯᠢ ᠶ᠋ᠢᠨ ᠭᠣᠣᠯ ᠠ᠋!
ᠲᠠᠩᠰᠤᠭ ᠰᠠᠢᠬᠠᠨ ᠠᠭᠤᠯᠠ ᠬᠠᠢᠷᠬᠠᠨ ᠲᠠᠢ
ᠲᠡᠨᠢᠭᠡᠷ ᠠᠭᠤᠳᠠᠮ ᠢᠯᠢ ᠶ᠋ᠢᠨ ᠭᠣᠣᠯ ᠠ᠋!
ᠲᠠᠷᠠᠭ ᠠᠢᠷᠠᠭ ᠴᠠᠭᠠᠨ ᠢᠳᠡᠭᠡ ᠲᠡᠢ
ᠲᠠᠷᠢᠶᠠᠴᠢᠨ ᠮᠠᠯᠴᠢᠳ ᠲᠠᠢ ᠢᠯᠢ ᠶ᠋ᠢᠨ ᠭᠣᠣᠯ ᠠ᠋!
ᠬᠠᠰ ᠬᠥᠩᠭᠦᠰ ᠦ᠋ᠨ ᠤᠰᠤᠨ ᠨᠡᠢᠯᠡᠭᠡᠳ
ᠬᠠᠨᠢᠯᠠᠨ ᠤᠷᠤᠰᠳᠠᠭ ᠢᠯᠢ ᠶ᠋ᠢᠨ ᠭᠣᠣᠯ ᠠ᠋!
ᠬᠠᠮᠲᠤ ᠨᠡᠢᠲᠡ ᠶ᠋ᠢᠨ ᠰᠡᠳᠬᠢᠯ ᠢ᠋ ᠬᠣᠯᠪᠣᠭᠠᠳ
ᠬᠠᠯᠭᠢᠯᠠᠨ ᠤᠷᠤᠰᠳᠠᠭ ᠢᠯᠢ ᠶ᠋ᠢᠨ ᠭᠣᠣᠯ ᠠ᠋!
ᠥᠩᠭᠡ ᠶ᠋ᠢᠨ ᠴᠡᠴᠡᠭ ᠳᠡᠯᠭᠡᠷᠡᠭᠰᠡᠨ
ᠦᠵᠡᠰᠬᠦᠯᠡᠩᠲᠦ ᠰᠠᠢᠬᠠᠨ ᠢᠯᠢ ᠶ᠋ᠢᠨ ᠭᠣᠣᠯ ᠠ᠋!
ᠥᠨᠳᠥᠷ ᠠᠭᠤᠯᠠ ᠵᠠᠯᠭᠠᠯᠳᠤᠭᠰᠠᠨ
ᠥᠨᠢᠷ ᠪᠠᠶᠠᠯᠢᠭ ᠢᠯᠢ ᠶ᠋ᠢᠨ ᠭᠣᠣᠯ ᠠ᠋!
ᠵᠢᠷᠤᠭ ᠰᠢᠭ᠋ ᠰᠠᠢᠬᠠᠨ ᠥᠩᠭᠡ ᠦᠵᠡᠮᠵᠢ ᠲᠡᠢ
ᠵᠤᠭᠠᠴᠠᠯ ᠤ᠋ᠨ ᠣᠷᠣᠨ ᠢᠯᠢ ᠶ᠋ᠢᠨ ᠭᠣᠣᠯ ᠠ᠋!
ᠵᠦᠢᠯ ᠦ᠋ᠨ ᠰᠢᠪᠠᠭᠤᠨ ᠤ᠋ ᠵᠢᠷᠭᠢᠭᠡᠨ ᠲᠡᠢ
ᠵᠢᠷᠦᠬᠡᠨ ᠴᠣᠬᠢᠯᠭ᠎ᠠ ᠲᠠᠢ ᠢᠯᠢ ᠶ᠋ᠢᠨ ᠭᠣᠣᠯ ᠠ᠋!
ᠢᠯᠢ ᠶ᠋ᠢᠨ ᠭᠣᠣᠯ ᠤ᠋ᠨ ᠤᠰᠤ
ᠡᠵᠢ ᠶ᠋ᠢᠨ ᠮᠢᠨᠢ ᠰᠢᠷᠭᠠᠯ ᠤᠭᠤᠷᠠᠭ ᠠ᠋!
ᠢᠯᠢ ᠶ᠋ᠢᠨ ᠰᠢᠷ᠎ᠠ ᠬᠥᠳᠡᠭᠡ
ᠡᠪᠦᠭᠡ ᠶ᠋ᠢᠨ ᠮᠢᠨᠢ ᠥᠯᠥᠭᠡᠢ ᠨᠤᠲᠤᠭ ᠠ᠋
2024·3·13 ᠡᠳᠦᠷ
