ᠪᠠᠬᠠᠷᠤᠮ᠎ᠠ ᠰᠠᠢᠬᠠᠨ ᠪᠠᠶᠠᠨᠪᠤᠯᠠᠭ-ᠮᠥᠩᠭᠥᠨᠴᠣᠭᠳᠤБахарам сайхан баянбулаг-Мөнгөнцогт
ᠪᠠᠬᠠᠷᠤᠮ᠎ᠠ ᠰᠠᠢᠬᠠᠨ ᠪᠠᠶᠠᠨᠪᠤᠯᠠᠭ
ᠵᠣᠬᠢᠶᠠᠭᠴᠢ᠄ ᠳᠠᠷᠢᠵᠠᠪ
ᠬᠤᠭᠤᠷᠴᠢ᠄ ᠮᠥᠩᠭᠥᠨᠴᠣᠭᠳᠤ
ᠬᠠᠨ ᠯᠠ ᠠᠭᠤᠯᠠ ᠶ᠋ᠢᠨ ᠲᠦᠰᠢᠯᠭᠡ ᠲᠡᠢ ᠶᠠ ᠬᠦ
ᠬᠠᠷᠠᠵᠠ ᠯᠠ ᠪᠤᠯᠠᠭ ᠤ᠋ᠨ ᠤᠨᠳᠤᠷᠤᠭ᠎ᠠ ᠲᠠᠢ ᠶᠠ
ᠬᠠᠪᠴᠢᠯ ᠮᠥᠷᠭᠥᠴᠡᠭ ᠦ᠋ᠨ ᠪᠠᠷᠲᠠᠭ᠎ᠠ ᠲᠠᠢ ᠶᠠ ᠬᠦ
ᠬᠠᠢᠷ᠎ᠠ ᠶ᠋ᠢ ᠲᠠᠲᠠᠭᠰᠠᠨ ᠪᠠᠶᠠᠨᠪᠤᠯᠠᠭ ᠬᠦ
ᠭᠠᠨᠵᠤᠤᠷ ᠣᠪᠣᠭᠠᠨ ᠤ᠋ ᠲᠠᠬᠢᠯᠭ᠎ᠠ ᠲᠠᠢ ᠰᠢᠦ
ᠭᠠᠩᠭᠠᠩ ᠳᠠᠪᠠᠭᠠᠨ ᠤ᠋ ᠦᠵᠡᠮᠵᠢ ᠲᠡᠢ ᠰᠢᠦ
ᠭᠠᠯᠠᠭᠤ ᠰᠢᠪᠠᠭᠤᠳ ᠤ᠋ᠨ ᠪᠠᠭᠤᠴᠠ ᠲᠠᠢ ᠶᠠ ᠬᠦ
ᠭᠠᠩᠭᠠᠩ ᠰᠠᠢᠬᠠᠨ ᠪᠠᠶᠠᠨᠪᠤᠯᠠᠭ ᠬᠦ
ᠭᠸᠮᠫᠢ ᠶ᠋ᠢᠨ ᠰᠦᠮ᠎ᠡ ᠶ᠋ᠢᠨ ᠰᠢᠲᠦᠯᠭᠡ ᠲᠡᠢ ᠰᠢᠦ
ᠭᠠᠷᠤᠳᠢ ᠶ᠋ᠢᠨ ᠳᠠᠪᠠᠭᠠᠨ ᠤ᠋ ᠭᠠᠢᠬᠠᠮᠰᠢᠭ ᠲᠠᠢ
ᠭᠤᠷᠪᠠᠨ ᠪᠣᠳᠢ ᠶ᠋ᠢᠨ ᠬᠠᠨᠠᠭᠠᠷ ᠬᠣᠷᠮᠣᠢ ᠲᠠᠢ ᠬᠦ
ᠭᠣᠢᠳᠠ ᠦᠵᠡᠮᠵᠢᠲᠦ ᠪᠠᠶᠠᠨᠪᠤᠯᠠᠭ ᠬᠦ
ᠳᠥᠯᠭᠡᠨ ᠤᠷᠤᠰᠬᠠᠯᠲᠤ ᠳ᠋ᠠᠯᠠᠷ ᠤ᠋ᠨ ᠭᠣᠣᠯ ᠲᠠᠢ
ᠭᠡᠰᠡᠷ ᠦ᠋ᠨ ᠳᠣᠮᠣᠭᠲᠤ ᠶᠣᠯᠤᠳᠤ ᠶ᠋ᠢᠨ ᠠᠭᠤᠯᠠ ᠲᠠᠢ
ᠪᠤᠭᠤᠷᠤᠯ ᠲᠡᠦᠬᠡᠲᠦ ᠪᠣᠷᠣ ᠬᠣᠲᠠ ᠪᠠᠭᠤᠷᠢ ᠲᠠᠢ ᠬᠦ
ᠪᠤᠷᠬᠠᠨᠲᠤ ᠣᠪᠣᠭᠠᠨ ᠤ᠋ ᠣᠩᠭᠣᠳ ᠰᠠᠬᠢᠭᠤᠰᠤ ᠲᠠᠢ ᠬᠦ
ᠠᠯᠲᠠᠨ ᠳᠡᠭᠡᠪᠦᠷᠲᠦ ᠶ᠋ᠢᠨ ᠨᠥᠮᠥᠷᠢ ᠲᠡᠢ ᠰᠢᠦ
ᠠᠯᠲᠠᠨ ᠳᠠᠪᠠᠭᠠᠨ ᠤ᠋ ᠠᠭᠤᠷᠬᠠᠢ ᠲᠠᠢ ᠰᠢᠦ
ᠠᠷᠰᠯᠠᠩᠲᠤ ᠨᠠᠷᠠᠰᠤᠳᠠᠢ ᠶ᠋ᠢᠨ ᠠᠯᠳᠠᠷᠰᠢᠯ ᠲᠠᠢ ᠬᠦ
ᠠᠰᠬ᠎ᠠ ᠷᠠᠰᠢᠶᠠᠨᠲᠤ ᠶ᠋ᠢᠨ ᠲᠤᠤᠯᠢ ᠲᠠᠢ ᠰᠢᠦ
ᠠᠯᠲᠠᠨ ᠡᠮᠡᠭᠡᠯ ᠦ᠋ᠨ ᠠᠷᠤ ᠯᠠ ᠬᠢᠵᠠᠭᠠᠷ ᠠ᠋
ᠤᠯᠠᠭᠠᠨ ᠬᠠᠳᠠ ᠶ᠋ᠢᠨ ᠰᠦᠷᠯᠢᠭ ᠪᠠᠷ᠎ᠠ ᠠ᠋
ᠪᠠᠶᠠᠨ ᠬᠠᠷ᠎ᠠ ᠶ᠋ᠢᠨ ᠬᠠᠩᠭᠠᠢ ᠨᠢᠷᠤᠭᠤᠳ ᠬᠦ
ᠪᠠᠬᠠᠷᠤᠮ᠎ᠠ ᠰᠠᠢᠬᠠᠨ ᠪᠠᠶᠠᠨᠪᠤᠯᠠᠭ ᠬᠦ
ᠬᠠᠷ᠎ᠠ ᠱᠣᠷᠣᠩ ᠤ᠋ᠨ ᠬᠠᠪᠤᠷᠵᠢᠶ᠎ᠠ ᠲᠠᠢ
ᠢᠲᠠᠭᠤᠲᠤ ᠨᠠᠭᠤᠷ ᠤ᠋ᠨ ᠵᠤᠰᠠᠭᠠᠯ ᠲᠠᠢ ᠰᠢᠦ ᠬᠦ
ᠨᠣᠶᠠᠨ ᠠᠭᠤᠯᠠ ᠶ᠋ᠢᠨ ᠨᠠᠮᠤᠷᠵᠢᠶ᠎ᠠ ᠲᠠᠢ ᠬᠦ
ᠡᠷᠬᠡ ᠥᠨᠳᠥᠷ ᠦ᠋ᠨ ᠡᠪᠦᠯᠵᠢᠶ᠎ᠡ ᠲᠡᠢ ᠬᠦ
ᠰᠢᠷ᠎ᠠ ᠵᠠᠮ ᠤ᠋ᠨ ᠰᠢᠷᠭᠠᠯ ᠬᠠᠳᠤᠯᠠᠩ
ᠠᠪᠳᠠᠷᠠᠲᠤ ᠪᠠᠢᠰᠢᠩᠲᠤ ᠶ᠋ᠢᠨ ᠠᠲᠠᠷ ᠪᠡᠯᠴᠢᠭᠡᠷ ᠠ᠋
ᠪᠠᠶᠠᠨ ᠭᠡᠷ ᠦ᠋ᠨ ᠪᠠᠯᠠᠷ ᠰᠢᠭᠤᠢ ᠬᠦ
ᠪᠣᠷᠣ ᠥᠨᠳᠥᠷ ᠦ᠋ᠨ ᠠᠭᠤᠳᠠᠮ ᠰᠢᠯᠢ ᠲᠡᠢ ᠬᠦ
ᠠᠷᠢᠶᠠᠲᠠᠨ ᠵᠢᠭᠦᠷᠲᠡᠨ ᠠᠩ ᠬᠦᠷᠦᠭᠡ ᠲᠡᠢ
ᠡᠭᠦᠷᠲᠦ ᠨᠦᠬᠡᠲᠦ ᠴᠢᠨᠦᠲᠦ ᠶ᠋ᠢᠨ ᠠᠭᠤᠯᠠᠰ ᠲᠠᠢ
ᠠᠯᠠᠭ ᠴᠡᠴᠡᠭ ᠡᠮᠲᠦ ᠤᠷᠭᠤᠮᠠᠯ ᠲᠠᠢ ᠬᠦ
ᠢᠮᠠᠭᠠᠲᠤ ᠪᠤᠯᠠᠭᠲᠤ ᠪᠣᠳᠢ ᠶ᠋ᠢᠨ ᠲᠠᠯ᠎ᠠ ᠲᠠᠢ ᠬᠦ
ᠠᠯᠲᠠᠨ ᠤᠯᠤᠰ ᠤ᠋ᠨ ᠪᠣᠷᠣ ᠬᠡᠷᠡᠮ ᠲᠡᠢ
ᠠᠷᠪᠠᠨ ᠨᠠᠢ᠍ᠮᠠᠨ ᠠᠭᠤᠢᠲᠤ ᠶ᠋ᠢᠨ ᠬᠠᠭᠤᠴᠢ ᠦᠯᠡᠳᠡᠭᠳᠡᠯ ᠲᠡᠢ
ᠬᠠᠳᠠᠨ ᠳᠡᠭᠡᠷ᠎ᠡ ᠪᠡᠨ ᠪᠤᠷᠬᠠᠨ ᠲᠠᠢ ᠶᠠ ᠬᠦ
ᠬᠠᠭᠠᠨ ᠣᠷᠳᠣᠨ ᠤ᠋ ᠬᠥᠭᠵᠢᠮ ᠦ᠋ᠨ ᠢᠯᠡᠷᠡᠭᠦᠯᠦᠯᠲᠡ ᠲᠡᠢ ᠶᠠ ᠬᠦ
ᠡᠷᠡᠬᠡᠢ ᠮᠡᠷᠭᠡᠨ ᠢ᠋ᠶ᠋ᠡᠨ ᠰᠢᠯᠭᠠᠭᠠᠳ ᠲᠡᠭᠡᠭᠰᠡᠨ
ᠡᠷᠲᠡᠨ ᠡᠳᠦᠭᠡ ᠶ᠋ᠢᠨ ᠭᠠᠷᠮᠠᠭᠠᠢ ᠰᠤᠷᠴᠢᠳ ᠲᠠᠢ ᠬᠦ
ᠡᠷ᠎ᠡ ᠯᠡ ᠴᠢᠳᠠᠯ ᠤᠷ᠎ᠠ ᠤᠬᠠᠭᠠᠨ ᠢ᠋ᠶ᠋ᠠᠨ ᠭᠠᠢᠬᠠᠭᠤᠯᠤᠭᠰᠠᠨ ᠬᠦ
ᠡᠷᠡᠮᠡᠬᠡᠢ ᠳᠠᠢᠴᠢᠨ ᠪᠥᠬᠡᠴᠢᠳ ᠲᠡᠢ ᠰᠢᠦ ᠬᠦ
ᠤᠷᠤᠯᠳᠤᠭᠠᠨ ᠤ᠋ ᠪᠤᠶᠠᠨ ᠢ᠋ᠶ᠋ᠠᠷ ᠨᠤᠲᠤᠭ ᠢ᠋ᠶ᠋ᠠᠨ ᠲᠠᠨᠢᠭᠤᠯᠤᠭᠰᠠᠨ
ᠤᠶᠠᠭᠠᠴᠢ ᠤᠨᠤᠭᠠᠴᠢ ᠲᠠᠢ ᠪᠠᠶᠠᠨᠪᠤᠯᠠᠭ
ᠠᠳᠤᠭᠤ ᠮᠣᠷᠢ ᠪᠠᠷ ᠠᠯᠳᠠᠷᠰᠢᠭᠰᠠᠨ ᠬᠦ
ᠠᠳᠤᠭᠤᠨ ᠰᠣᠶᠣᠯ ᠤ᠋ᠨ ᠪᠠᠶᠠᠨᠪᠤᠯᠠᠭ ᠬᠦ
ᠠᠷᠭᠠᠢ ᠨᠠᠭᠠᠳᠤᠮ ᠤ᠋ᠨ ᠤᠯᠠᠮᠵᠢᠯᠠᠯ ᠲᠠᠢ
ᠠᠮᠤᠷ ᠪᠠᠶᠠᠰᠬᠤᠯᠠᠩᠲᠤ ᠶ᠋ᠢᠨ ᠥᠪᠯᠡᠯ ᠲᠡᠢ
ᠠᠷᠠᠯᠲᠤ ᠲᠡᠷᠭᠡᠨ ᠦ᠌ ᠤᠷ᠎ᠠ ᠮᠡᠷᠭᠡᠵᠢᠯ ᠲᠡᠢ
ᠦᠶ᠎ᠡ ᠶ᠋ᠢᠨ ᠦᠶ᠎ᠡ ᠶ᠋ᠢᠨ ᠤᠯᠠᠮᠵᠢᠯᠠᠭᠴᠢ ᠲᠠᠢ ᠬᠦ
ᠪᠠᠷᠰ ᠠᠯᠠᠭᠰᠠᠨ ᠳᠣᠪᠳᠤᠨᠨᠢᠮᠠ ᠲᠠᠢ
ᠪᠠᠷᠴᠢᠳ ᠢ᠋ ᠠᠷᠢᠯᠭᠠᠭᠴᠢ ᠣᠲᠠᠴᠢ ᠳᠣᠮᠴᠢ ᠲᠠᠢ
ᠱᠠᠰᠢᠨ ᠤ᠋ ᠪᠠᠭᠰᠢᠲᠠᠨ ᠨᠣᠮ ᠤ᠋ᠨ ᠯᠠᠮᠠᠳᠠᠨ ᠲᠠᠢ ᠬᠦ
ᠴᠠᠳᠢᠭ ᠲᠡᠦᠬᠡ ᠶ᠋ᠢᠨ ᠪᠠᠶᠠᠨᠪᠤᠯᠠᠭ ᠬᠦ
ᠮᠠᠯᠵᠢᠬᠤ ᠵᠠᠩᠰᠢᠯ ᠢ᠋ᠶ᠋ᠠᠨ ᠳᠡᠭᠡᠵᠢᠯᠡᠭᠰᠡᠨ
ᠮᠠᠷᠭᠠᠰᠢ ᠢᠷᠡᠭᠡᠳᠦᠢ ᠶ᠋ᠢᠨ ᠵᠠᠯᠭᠠᠮᠵᠢ ᠬᠣᠢᠴᠢᠰ ᠲᠠᠢ
ᠪᠣᠯᠪᠠᠰᠤᠨ ᠳᠠᠳᠬᠠᠯ ᠢ᠋ᠶ᠋ᠠᠨ ᠤᠯᠠᠮᠵᠢᠯᠠᠭᠰᠠᠨ ᠬᠦ
ᠪᠤᠭᠤᠷᠤᠯ ᠨᠠᠰᠤᠲᠠᠨ ᠤ᠋ ᠠᠯᠲᠠᠨ ᠰᠤᠷᠭᠠᠯ ᠲᠠᠢ ᠬᠦ
ᠮᠡᠷᠭᠡᠳ ᠡᠷᠳᠡᠮᠲᠡᠳ ᠦ᠋ᠨ ᠨᠠᠮᠲᠠᠷ ᠴᠠᠳᠢᠭ ᠲᠤ᠌ ᠪᠠᠨ
ᠮᠥᠷ ᠢ᠋ᠶ᠋ᠡᠨ ᠲᠠᠮᠠᠭᠠᠯᠠᠭᠤᠯᠤᠭᠰᠠᠨ ᠴᠢᠳᠠᠪᠤᠷᠢᠲᠠᠳ ᠲᠠᠢ
ᠠᠭᠤᠤ ᠲᠡᠦᠬᠡ ᠶ᠋ᠢᠨ ᠠᠯᠲᠠᠨ ᠬᠠᠭᠤᠳᠠᠰᠤᠨ ᠳ᠋ᠤ᠌ ᠬᠦ
ᠠᠯᠳᠠᠷ ᠢ᠋ᠶ᠋ᠠᠨ ᠳᠠᠭᠤᠷᠢᠰᠤᠭᠤᠯᠤᠭᠰᠠᠨ ᠡᠷᠳᠡᠮᠲᠡᠳ ᠲᠡᠢ ᠬᠦ
ᠲᠥᠷᠥ ᠶ᠋ᠢᠨ ᠱᠠᠩᠨᠠᠯᠲᠤ ᠰᠣᠳᠣᠨ ᠰᠠᠢᠴᠤᠤᠯ ᠲᠠᠢ
ᠤᠯᠤᠰ ᠤ᠋ᠨ ᠮᠧᠳᠠᠯᠲᠤ ᠣᠳᠣᠨ ᠲᠠᠮᠢᠷᠴᠢᠳ ᠲᠠᠢ
ᠬᠥᠳᠡᠯᠮᠦᠷᠢ ᠶ᠋ᠢᠨ ᠵᠢᠱ᠌ᠢᠶᠡᠴᠢ ᠪᠠᠶᠠᠵᠢᠯ ᠤ᠋ᠨ ᠳᠠᠭᠠᠭᠤᠯᠤᠭᠴᠢ ᠬᠦ
ᠬᠥᠮᠦᠨ ᠵᠤᠨ ᠤ᠋ ᠪᠠᠬᠠᠷᠬᠠᠯᠲᠠᠢ ᠭᠠᠵᠠᠷ ᠠ᠋ ᠬᠦ
ᠥᠪ ᠰᠣᠶᠣᠯ ᠤ᠋ᠨ ᠳᠠᠷᠬᠠᠨ ᠨᠤᠲᠤᠭ ᠠ᠋
ᠦᠨᠳᠦᠰᠦᠲᠡᠨ ᠦ᠌ ᠤᠳᠤᠮᠰᠢᠯ ᠤ᠋ᠨ ᠳᠠᠭᠰᠢᠨ ᠣᠷᠣᠨ ᠠ᠋
ᠤᠬᠠᠭᠠᠨᠲᠠᠨ ᠪᠢᠴᠢᠭᠲᠡᠨ ᠦ᠌ ᠤᠳᠤᠮᠲᠤ ᠥᠯᠥᠭᠡᠢ ᠬᠦ
ᠤᠶᠠᠩᠭ᠎ᠠ ᠶ᠋ᠢᠨ ᠴᠡᠩᠬᠡᠷ ᠪᠠᠶᠠᠨᠪᠤᠯᠠᠭ ᠬᠦ
ᠰᠣᠶᠣᠯᠲᠠᠳ ᠤ᠋ᠨ ᠰᠣᠳᠣᠨ ᠥᠯᠥᠭᠡᠢ ᠬᠦ
ᠣᠶᠤᠲᠠᠳ ᠤ᠋ᠨ ᠤᠯᠠᠮᠵᠢᠯᠠᠯᠲᠤ ᠣᠷᠣᠨ ᠠ᠋
ᠤᠷᠠᠯᠢᠭᠴᠢᠳ ᠤ᠋ᠨ ᠤᠤᠭᠠᠯ ᠨᠤᠲᠤᠭ ᠬᠦ
ᠪᠢᠴᠢᠭ ᠪᠢᠯᠢᠭ ᠦ᠋ᠨ ᠪᠠᠶᠠᠨᠪᠤᠯᠠᠭ ᠬᠦ
ᠮᠣᠷᠢᠲᠠᠨ ᠤᠭᠰᠠᠭᠠᠲᠠᠨ ᠤ᠋ ᠬᠡᠢᠮᠣᠷᠢ ᠶ᠋ᠢ ᠡᠷᠭᠦᠭᠰᠡᠨ
ᠮᠣᠩᠭᠣᠯ ᠠᠮᠢᠳᠤᠷᠠᠯ ᠤ᠋ᠨ ᠤᠯᠠᠮᠵᠢᠯᠠᠯ ᠢ᠋ ᠳᠡᠭᠡᠳᠦᠯᠡᠭᠰᠡᠨ
ᠣᠲᠣᠷ ᠨᠡᠭᠦᠳᠡᠯ ᠦ᠋ᠨ ᠰᠣᠶᠣᠯ ᠢ᠋ ᠥᠪᠯᠡᠭᠰᠡᠨ ᠬᠦ
ᠣᠷᠴᠢᠯᠠᠩ ᠪᠥᠮᠪᠥᠷᠴᠡᠭ ᠦ᠋ᠨ ᠣᠨᠴᠠᠯᠢᠭᠲᠤ ᠭᠠᠵᠠᠷ ᠠ᠋ ᠬᠦ
ᠤᠨᠠᠭᠰᠠᠨ ᠰᠢᠷᠣᠢ ᠭᠡᠵᠦ ᠠᠯᠲᠠ ᠯᠠ ᠶᠤᠮ ᠬᠦ
ᠤᠤᠭᠤᠭᠰᠠᠨ ᠤᠰᠤ ᠭᠡᠵᠦ ᠷᠠᠰᠢᠶᠠᠨ ᠶᠤᠮ ᠠ᠋
ᠪᠠᠬᠠᠷᠤᠮ᠎ᠠ ᠰᠠᠢᠬᠠᠨ ᠪᠠᠶᠠᠨᠪᠤᠯᠠᠭ ᠢ᠋ᠶ᠋ᠠᠨ ᠬᠦ
ᠪᠠᠬᠠᠳᠤᠵᠤ ᠮᠠᠭᠲᠠᠨ ᠵᠥᠩᠨᠡᠨ ᠬᠤᠷᠤᠢᠯᠠᠶ᠎ᠠ ᠬᠦ᠁
ᠦᠰᠦᠭ ᠬᠠᠲᠠᠵᠤ ᠹᠢᠯᠢᠮ ᠦᠢᠯᠡᠳᠦᠭᠰᠡᠨ ᠨᠢ: ᠰᠡᠴᠡᠨᠪᠠᠲᠦ
ᠦᠰᠦᠭ ᠠᠮᠢᠯᠠᠭᠤᠯᠤᠭᠰᠠᠨ ᠨᠢ: ᠲᠦᠮᠡᠨ᠌ᠥ᠌ᠯᠵᠡᠢ᠂ ᠪᠦᠷᠢᠨᠴᠡᠴᠡᠭ
ᠬᠠᠪᠰᠤᠷᠤᠨ ᠵᠢᠯᠣᠭᠣᠳᠤᠭᠰᠠᠨ ᠨᠢ᠄ ᠪᠦᠷᠢᠨᠴᠡᠴᠡᠭ
ᠮᠠᠲ᠋ᠧᠷᠢᠶᠠᠯ ᠬᠠᠩᠭᠠᠭ᠍ᠰᠠᠨ ᠨᠢ᠄ ᠳᠠᠷᠢᠵᠠᠪ
ᠬᠢᠨᠠᠭᠰᠠᠨ ᠨᠢ ᠄ᠮᠥᠴᠢᠷ᠂ ᠱᠤᠳᠤᠷᠭᠤ᠂ ᠳᠠᠷᠢᠵᠠᠪ᠂ᠮᠣᠩᠭᠣᠯ ᠰᠦᠨᠡᠰᠦ᠂ ᠪᠦᠷᠢᠨᠴᠡᠴᠡᠭ
※ ᠭᠠᠩᠭᠠᠩ ᠳᠠᠪᠠᠭᠠᠨ ᠤ᠋ ᠦᠵᠡᠮᠵᠢ —— ᠪᠠᠶᠠᠨᠪᠤᠯᠠᠭ ᠤᠨ ᠬᠢᠵᠠᠭᠠᠷ ᠲᠤ ᠪᠠᠢᠭ᠎ᠠ ᠭᠠᠩᠭᠠᠨ ᠳᠠᠪᠠᠭ᠎ᠠ ᠶᠢᠨ ᠦᠵᠡᠮᠵᠢ ᠶᠢ ᠵᠢᠭᠠᠵᠤ ᠪᠠᠢᠨ᠎ᠠ᠃
