ᠬᠠᠷᠠᠳᠠ! ᠨᠠᠮᠠᠶ᠋ᠢ ᠪᠠᠨ᠁ - ᠪᠠᠪᠤᠤ ᠶ᠋ᠢᠨ ᡀᠬᠠᠪᠠᠰᠥ᠋ᠷᠦᠩ Хард! намагаа… — Бавуугийн Лхагвасүрэн
ᠬᠠᠷᠠᠳᠠ! ᠨᠠᠮᠠᠶ᠋ᠢ ᠪᠠᠨ᠁
ᠪᠠᠪᠤᠤ ᠶ᠋ᠢᠨ ᡀᠬᠠᠪᠠᠰᠥ᠋ᠷᠦᠩ
ᠲᠡᠭᠡᠵᠦ ᠯᠡ ᠶᠠᠪᠤᠭ᠎ᠠ ᠭᠡᠰᠡᠨ
ᠲᠡᠭᠡᠨᠡᠭᠡᠯᠵᠡᠬᠡᠨ ᠳ᠋ᠡᠭᠡᠨ ᠦᠨᠡᠮᠰᠢᠵᠦ ᠬᠠᠷᠠᠳᠠ!
ᠲᠡᠭᠡᠬᠦ ᠦᠭᠡᠢ ᠳᠡ! ᠶᠠᠭᠠᠬᠢᠭᠰᠠᠨ ᠴᠦ᠍ ᠭᠡᠵᠦ ᠪᠣᠳᠣᠬᠤ ᠪᠠᠨ
ᠲᠠᠰᠤ ᠮᠠᠷᠲᠠᠵᠤ ᠬᠠᠷᠠᠳᠠ!
ᠲᠣᠮᠣᠭ᠎ᠠ ᠦᠭᠡᠢ ᠵᠠᠯᠠᠭᠤ ᠨᠠᠰᠤᠨ ᠤ᠋ ᠮᠢᠨᠢ
ᠠᠯᠳᠠᠭ᠎ᠠ ᠪᠣᠯᠭᠠᠨ ᠲᠠᠢ ᠮᠢᠨᠢ ᠵᠠᠷᠭᠤᠯᠳᠤᠵᠤ ᠬᠠᠷᠠᠳᠠ!
ᠲᠣᠭᠲᠠᠵᠤ ᠨᠠᠮᠠᠶ᠋ᠢ ᠰᠢᠷᠲᠡᠭᠰᠡᠨ
ᠨᠢᠳᠦ ᠪᠦᠬᠦᠨ ᠲᠡᠢ ᠬᠠᠷᠭᠤᠯᠳᠤᠵᠤ ᠬᠠᠷᠠᠳᠠ!
ᠬᠡᠢ ᠬᠣᠭᠣᠰᠣᠨ ᠠ᠋ᠴᠠ ᠲᠡᠮᠲᠡᠷᠢᠵᠦ ᠣᠯᠤᠭᠰᠠᠨ ᠢ᠋ᠶ᠋ᠠᠨ
ᠦᠨᠡᠨ ᠪᠣᠯᠲᠠᠯ᠎ᠠ ᠤᠷᠭᠤᠭᠤᠯᠵᠤ ᠬᠠᠷᠠᠳᠠ!
ᠬᠡᠢᠰᠴᠦ ᠢᠷᠡᠭᠰᠡᠨ ᠬᠣᠪ ᠤ᠋ᠨ ᠦᠭᠡᠨ ᠦ᠌
ᠰᠠᠯᠬᠢ ᠶ᠋ᠢ ᠢᠷᠯᠡᠨ ᠭᠠᠯᠵᠠᠭᠤᠷᠠᠭᠤᠯᠵᠤ ᠬᠠᠷᠠᠳᠠ!
ᠦᠳᠡᠰᠢ ᠶ᠋ᠢᠨ ᠤᠷᠲᠤ ᠰᠡᠭᠦᠳᠡᠷ ᠦ᠋ᠳ ᠦ᠋ᠨ ᠮᠢᠨᠢ
ᠦᠵᠦᠭᠦᠷ ᠨᠢ ᠦᠨᠦᠰᠦᠯᠴᠡᠵᠦ ᠪᠠᠢᠭᠰᠠᠨ ᠭᠡᠵᠦ ᠬᠠᠷᠠᠳᠠ!
ᠱᠦᠷᠭᠦᠭᠡᠳ ᠥᠩᠭᠡᠷᠡᠬᠦ ᠰᠠᠢᠬᠠᠨ ᠪᠦᠰᠡᠭᠦᠢ ᠶ᠋ᠢᠨ
ᠰᠡᠷᠡᠢᠭᠰᠡᠨ ᠬᠥᠬᠥᠨ ᠳ᠋ᠦ᠍ ᠡᠰᠬᠡᠭᠦᠯᠦᠨ ᠰᠢᠷᠬᠠᠳᠤᠭᠰᠠᠨ ᠴᠢ᠁ ᠭᠡᠵᠦ ᠬᠠᠷᠠᠳᠠ!
ᠡᠩᠨᠡᠭᠰᠡᠨ ᠣᠯᠠᠨ ᠪᠤᠯᠠᠰᠢ ᠪᠤᠩᠬᠤᠨ ᠳᠤᠮᠳᠠ
ᠡᠨᠡ ᠪᠡᠶ᠎ᠡ ᠶ᠋ᠢ ᠮᠢᠨᠢ《 ᠨᠤᠲᠤᠭᠯᠠᠭᠤᠯᠬᠤ》 ᠳ᠋ᠤ᠌
ᠡᠮᠡᠭᠲᠡᠢ ᠬᠥᠮᠦᠨ ᠲᠡᠢ ᠵᠡᠷᠭᠡᠴᠡᠵᠦ ᠲᠠᠭᠠᠷᠠᠪᠠᠯ
ᠡᠩᠬᠦᠷᠡᠢ ᠮᠢᠨᠢ ᠲᠡᠭᠡᠬᠦ ᠳ᠋ᠦ᠍ ᠯᠡ ᠪᠢᠲᠡᠭᠡᠢ ᠬᠠᠷᠠᠳᠠ!
2007 ᠣᠨ
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
