ᠬᠣᠶᠠᠷ ᠡᠮᠡᠭᠲᠡᠢ ᠴᠠᠢ ᠤᠤᠭᠤᠭᠠᠳ ᠰᠠᠭᠤᠵᠤ ᠪᠠᠢᠬᠤ ᠳ᠋ᠤ᠌ ᠪᠠᠨ ᠨᠢᠭᠡ ᠨᠢ᠄《ᠡᠷ᠎ᠡ ᠨᠥᠬᠥᠷ ᠴᠢᠨᠢ ᠬᠡᠷᠪᠡ ᠡᠷᠲᠡ ᠬᠠᠷᠢᠵᠤ ᠢᠷᠡᠬᠦ ᠦᠭᠡᠢ ᠪᠣᠯ ᠠᠷᠪᠠᠨ ᠬᠣᠶᠠᠷ ᠴᠠᠭ ᠥᠩᠭᠡᠷᠡᠭᠰᠡᠨ ᠦ᠌ ᠳᠠᠷᠠᠭ᠎ᠠ ᠡᠭᠦᠳᠡ ᠪᠡᠨ ᠣᠨᠢᠰᠤᠯᠠᠵᠤ ᠪᠢᠲᠡᠭᠡᠢ ᠤᠷᠤᠭᠤᠯ᠂ ᠪᠢ ᠢᠩᠭᠢᠵᠦ ᠬᠢᠭᠡᠳ ᠮᠢᠨᠦ ᠨᠥᠬᠥᠷ ᠣᠷᠣᠢ ᠪᠣᠯᠭᠠᠨ ᠠᠷᠪᠠᠨ ᠬᠣᠶᠠᠷ ᠴᠠᠭ ᠠ᠋ᠴᠠ ᠡᠮᠦᠨ᠎ᠡ ᠬᠠᠷᠢᠵᠤ ᠢᠷᠡᠳᠡᠭ ᠪᠣᠯᠤᠭᠰᠠᠨ ᠶᠤᠮ》 ᠭᠡᠰᠡᠨ ᠪᠠᠢᠨ᠎ᠠ᠃ ᠲᠡᠭᠡᠭᠡᠳ ᠨᠥᠭᠦᠭᠡ ᠡᠮᠡᠭᠲᠡᠢ ᠴᠦ᠍ ᠭᠡᠷ ᠲᠦ᠍ ᠪᠡᠨ ᠬᠠᠷᠢᠵᠤ ᠨᠥᠬᠥᠷ ᠲᠦ᠍ ᠪᠡᠨ᠄ 《ᠡᠭᠦᠨ ᠡᠴᠡ ᠬᠣᠢᠰᠢ ᠴᠢ ᠠᠷᠪᠠᠨ ᠬᠣᠶᠠᠷ ᠴᠠᠭ ᠠ᠋ᠴᠠ ᠰᠡᠭᠦᠯᠡᠷ ᠬᠠᠷᠢᠵᠤ ᠢᠷᠡᠪᠡᠯ ᠪᠢ ᠡᠭᠦᠳᠡ ᠪᠡᠨ ᠨᠡᠭᠡᠭᠡᠵᠦ ᠥᠭᠬᠦ ᠦᠭᠡᠢ》ᠭᠡᠵᠦ ᠬᠡᠯᠡᠭᠰᠡᠨ ᠭᠡᠨ᠎ᠡ᠃ ᠲᠡᠭᠡᠭᠡᠳ ᠨᠥᠬᠥᠷ ᠨᠢ ᠦᠨᠡᠬᠡᠷ ᠣᠷᠣᠢ ᠠᠷᠪᠠᠨ ᠬᠣᠶᠠᠷ ᠴᠠᠭ ᠠ᠋ᠴᠠ ᠡᠮᠦᠨ᠎ᠡ ᠬᠠᠷᠢᠵᠤ ᠢᠷᠡᠳᠡᠭ ᠪᠣᠯᠤᠭᠰᠠᠨ ᠶᠤᠮ ᠪᠠᠢᠨ᠎ᠠ᠃ ᠭᠡᠲᠡᠯ᠎ᠡ ᠨᠢᠭᠡ ᠣᠷᠣᠢ ᠨᠥᠬᠥᠷ ᠨᠢ ᠠᠷᠪᠠᠨ ᠬᠣᠶᠠᠷ ᠴᠠᠭ ᠠ᠋ᠴᠠ ᠬᠣᠵᠢᠭᠳᠠᠭᠠᠳ ᠭᠡᠷ ᠲᠦ᠍ ᠪᠡᠨ ᠬᠠᠷᠢᠭᠰᠠᠨ ᠴᠢᠨᠢ ᠡᠬᠡᠨᠡᠷ ᠨᠢ ᠡᠭᠦᠳᠡ ᠪᠡᠨ ᠨᠡᠭᠡᠭᠡᠵᠦ ᠦᠭᠭᠦᠭᠰᠡᠨ ᠦᠭᠡᠢ ᠭᠡᠨ᠎ᠡ᠃ ᠲᠡᠭᠦᠨ ᠡᠴᠡ ᠬᠣᠢᠰᠢ ᠨᠥᠬᠥᠷ ᠨᠢ ᠦᠷᠭᠦᠯᠵᠢ ᠰᠥᠨᠢ ᠳᠤᠮᠳᠠ ᠠ᠋ᠴᠠ ᠬᠣᠢᠰᠢ ᠬᠠᠷᠢᠵᠤ ᠢᠷᠡᠬᠦ ᠪᠣᠯᠤᠭᠰᠠᠨ ᠭᠡᠨ᠎ᠡ᠃ ᠢᠩᠭᠢᠭᠡᠳ ᠡᠨᠡ ᠡᠮᠡᠭᠲᠡᠢ ᠨᠢᠭᠡ ᠠᠷᠭ᠎ᠠ ᠪᠣᠳᠣᠵᠤ ᠣᠯᠤᠭᠰᠠᠨ ᠶᠤᠮ ᠪᠠᠢᠨ᠎ᠠ᠃ ᠲᠡᠷᠡ ᠨᠥᠬᠥᠷ ᠲᠦ᠍ ᠪᠡᠨ᠄《ᠴᠢ ᠣᠷᠣᠢ ᠳ᠋ᠤ᠌ ᠪᠠᠨ ᠠᠷᠪᠠᠨ ᠬᠣᠶᠠᠷ ᠴᠠᠭ ᠠ᠋ᠴᠠ ᠡᠮᠦᠨ᠎ᠡ ᠬᠠᠷᠢᠵᠤ ᠢᠷᠡᠬᠦ ᠦᠭᠡᠢ ᠪᠣᠯ ᠪᠢ ᠪᠦᠬᠦ ᠡᠭᠦᠳᠡ ᠪᠡᠨ ᠨᠡᠭᠡᠭᠡᠵᠦ ᠤᠨᠲᠠᠨ᠎ᠠ》 ᠭᠡᠰᠡᠨ ᠪᠠᠢᠨ᠎ᠠ᠃ ᠡᠭᠦᠨ ᠡᠴᠡ ᠬᠣᠢᠰᠢ ᠡᠷᠡᠭᠲᠡᠢ ᠨᠢ ᠣᠷᠣᠢ ᠪᠦᠷᠢ ᠠᠷᠪᠠᠨ ᠬᠣᠶᠠᠷ ᠴᠠᠭ ᠠ᠋ᠴᠠ ᠡᠮᠦᠨ᠎ᠡ ᠬᠠᠷᠢᠵᠤ ᠢᠷᠡᠳᠡᠭ ᠪᠣᠯᠤᠭᠰᠠᠨ ᠶᠤᠮ ᠪᠠᠢᠨ᠎ᠠ᠃ ᠦᠨᠡᠨ ᠳ᠋ᠦ᠍ ᠪᠡᠨ ᠬᠠᠮᠢᠶᠠᠷᠤᠯᠲᠠ ᠭᠡᠳᠡᠭ ᠨᠢ ᠪᠢᠳᠡ ᠪᠤᠰᠤᠳ ᠤ᠋ᠨ ᠠᠷᠭ᠎ᠠ ᠶ᠋ᠢ ᠰᠢᠭᠤᠳ ᠠᠪᠴᠢᠷᠠᠭᠠᠳ ᠲᠣᠬᠣᠵᠤ ᠬᠡᠷᠡᠭᠯᠡᠬᠦ ᠪᠢᠰᠢ᠃ ᠵᠠᠪᠠᠯ ᠬᠥᠮᠦᠨ ᠬᠥᠮᠦᠨ ᠦ᠌ ᠣᠨᠴᠠᠯᠢᠭ ᠪᠠ ᠪᠣᠳᠠᠲᠤ ᠪᠠᠢᠳᠠᠯ ᠳ᠋ᠤ᠌ ᠨᠢ ᠲᠣᠬᠢᠷᠠᠭᠰᠠᠨ ᠪᠠᠢᠬᠤ ᠬᠡᠷᠡᠭᠲᠡᠢ᠃ ᠬᠠᠮᠢᠶᠠᠷᠤᠯᠲᠠ ᠭᠡᠳᠡᠭ ᠨᠢ ᠬᠠᠮᠢᠶᠠᠷᠤᠯᠲᠠ ᠶ᠋ᠢᠨ ᠤᠬᠠᠭᠠᠨ ᠢ᠋ᠶ᠋ᠠᠷ ᠬᠥᠮᠦᠨ ᠢ᠋ ᠬᠠᠮᠢᠶᠠᠷᠬᠤ ᠪᠢᠰᠢ ᠬᠠᠷᠢᠨ ᠬᠥᠮᠦᠨ ᠢ᠋ ᠬᠠᠮᠢᠶᠠᠷᠬᠤ ᠶ᠋ᠢᠨ ᠤᠬᠠᠭᠠᠨ ᠢ᠋ᠶ᠋ᠠᠷ ᠪᠤᠰᠤᠳ ᠢ᠋ ᠬᠠᠮᠢᠶᠠᠷᠤᠨ᠎ᠠ ᠭᠡᠵᠦ ᠪᠢ ᠪᠣᠳᠣᠳᠠᠭ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ